ᠬᠤᠷᠳᠤᠨ ᠬᠡᠭᠡᠷ ᠦ᠋ᠨ ᠳᠣᠮᠣᠭKhurdan kheeriin domogХурдан хээрийн домог ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠷᠳᠤᠨ ᠬᠡᠭᠡᠷ ᠦ᠋ᠨ ᠳᠣᠮᠣᠭKhurdan kheeriin domogХурдан хээрийн домог

ᠬᠤᠷᠳᠤᠨ ᠬᠡᠭᠡᠷ ᠦ᠋ᠨ ᠳᠣᠮᠣᠭKhurdan kheeriin domogХурдан хээрийн домог

ᠠᠩᠭᠢᠯᠠᠯ:ᠳᠣᠮᠣᠭ ᠦᠯᠢᠭᠡᠷ
2023-09-11

406

ᠬᠤᠷᠳᠤᠨ ᠬᠡᠭᠡᠷ ᠦ᠋ᠨ ᠳᠣᠮᠣᠭ


     ᠲᠡᠷᠡ ᠨᠢᠭᠡᠨ ᠵᠢᠯ ᠳᠣᠯᠣᠭᠠᠨ ᠬᠣᠰᠢᠭᠤ ᠳᠠᠩᠰᠢᠭ ᠨᠠᠭᠠᠳᠤᠮ ᠳ᠋ᠤ᠌ ᠂ᠮᠠᠨᠵᠤ ᠶ᠋ᠢᠨ ᠬᠠᠭᠠᠨ ᠮᠣᠷᠢᠯᠠᠨ ᠢᠷᠡᠬᠦ ᠪᠣᠯᠵᠤ ᠭᠡᠨ᠎ᠡ᠃ ᠬᠠᠭᠠᠳ ᠨᠣᠶᠠᠳ ᠮᠠᠨᠵᠤ ᠶ᠋ᠢᠨ ᠬᠠᠭᠠᠨ ᠳ᠋ᠤ᠌ ᠨᠢᠭᠤᠷ ᠲᠠᠯ᠎ᠠ ᠵᠠᠰᠠᠬᠤ ᠭᠡᠵᠦ ᠲᠠᠩᠰᠢᠭ ᠨᠠᠭᠠᠳᠤᠮ ᠳ᠋ᠤ᠌᠂ ᠮᠠᠨᠵᠤ ᠶ᠋ᠢᠨ ᠬᠠᠭᠠᠨ ᠤ᠋ ᠮᠣᠷᠢ ᠶ᠋ᠢ ᠲᠡᠷᠢᠭᠦᠯᠡᠬᠦ ᠲᠠᠯ᠎ᠠ ᠪᠠᠷ ᠪᠣᠭᠳᠠ ᠶ᠋ᠢᠨ ᠯᠣᠨᠳᠣᠨ ᠳ᠋ᠤ᠌ ᠶᠠᠭᠠᠷᠠᠨ ᠭᠠᠷᠭᠠᠭᠤᠯᠵᠠᠢ᠃ ᠬᠠᠷᠢᠨ ᠵᠡᠷᠭᠡᠯᠡᠳᠡᠭᠡ ᠨᠤᠲᠤᠭ ᠲᠠᠭᠠᠨ ᠰᠡᠴᠡᠨ ᠬᠠᠭᠠᠨ ᠡᠷ᠎ᠡ ᠶ᠋ᠢᠨ ᠭᠤᠷᠪᠠᠨ ᠨᠠᠭᠠᠳᠤᠮ ᠤ᠋ᠨ ᠭᠣᠣᠯ ᠪᠣᠯᠤᠭᠰᠠᠨ ᠮᠣᠷᠢᠨ ᠤ᠋ ᠲᠦᠷᠦᠭᠦᠦ ᠶ᠋ᠢ ᠬᠠᠷᠢ ᠶ᠋ᠢᠨ ᠬᠠᠭᠠᠨ ᠳ᠋ᠤ᠌ ᠬᠦᠴᠦ ᠪᠡᠷ ᠥᠭᠴᠦ ᠪᠠᠢᠳᠠᠭ ᠨᠢ ᠶᠠᠭᠤ ᠪᠢᠯᠡ ᠭᠡᠵᠦ ᠳᠠᠭᠤ ᠦᠭᠡᠢ ᠪᠣᠳᠣᠵᠠᠢ᠃᠂ ᠬᠤᠷᠳᠤᠨ ᠮᠣᠷᠢᠨ ᠤ᠋ ᠰᠢᠨᠵᠢᠭᠡᠴᠢ ᠭᠡᠵᠦ ᠠᠯᠳᠠᠷᠰᠢᠭᠰᠠᠨ ᠨᠢᠭᠡᠨ ᠲᠦᠰᠢᠮᠡᠯ ᠳ᠋ᠦ᠍ ᠭᠤᠴᠢᠨ ᠯᠠᠩ ᠮᠥᠩᠭᠥ ᠥᠭᠴᠦ ᠂᠂ᠪᠣᠯᠬᠤ ᠨᠠᠭᠠᠳᠤᠮ ᠳ᠋ᠤ᠌ ᠲᠡᠷᠢᠭᠦᠯᠡᠬᠦ ᠬᠤᠷᠳᠤᠨ ᠮᠣᠷᠢ ᠶ᠋ᠢ ᠬᠠᠮᠢᠭ᠎ᠠ ᠪᠠᠢᠭ᠎ᠠ ᠭᠠᠵᠠᠷ ᠠ᠋ᠴᠠ ᠨᠢ ᠣᠯᠤᠭᠠᠳ ᠢᠷ᠎ᠡ ᠭᠡᠵᠦ ᠶᠠᠪᠤᠭᠤᠯᠵᠠᠢ ᠭᠡᠨ᠎ᠡ᠃
     ᠰᠢᠨᠵᠢᠭᠡᠴᠢ ᠲᠦᠰᠢᠮᠡᠯ ᠳ᠋ᠦ᠍ ᠬᠤᠷᠳᠤᠨ ᠮᠣᠷᠢ ᠣᠯᠠᠨ ᠲᠠᠭᠠᠷᠠᠯᠳᠤᠭᠰᠠᠨ ᠪᠣᠯᠪᠠᠴᠤ᠂ᠰᠠᠨᠠᠭᠠᠨ ᠳ᠋ᠤ᠌ ᠨᠢ ᠨᠢᠭᠡ ᠯᠡ ᠲᠠᠭᠠᠷᠠᠵᠤ ᠥᠭᠬᠦ ᠦᠭᠡᠢ ᠪᠠᠢᠯ᠎ᠠ᠃ ᠲᠦᠰᠢᠭᠡᠳ ᠬᠠᠭᠠᠨ ᠤ᠋ ᠨᠤᠲᠤᠭ ᠢ᠋ᠶ᠋ᠠᠷ ᠶᠠᠪᠤᠵᠤ ᠪᠠᠢᠲᠠᠯ᠎ᠠ ᠬᠣᠨᠢ ᠬᠠᠷᠢᠭᠤᠯᠤᠭᠰᠠᠨ ᠡᠪᠦᠭᠡᠨ ᠲᠡᠢ ᠲᠠᠭᠠᠷᠠᠯᠳᠤᠵᠤ ᠭᠡᠨ᠎ᠡ᠃ ᠡᠪᠦᠭᠡᠨ ᠦ᠌ ᠤᠨᠤᠭᠰᠠᠨ ᠬᠡᠭᠡᠷ ᠮᠣᠷᠢᠨ ᠳ᠋ᠤᠨᠢ ᠶᠠᠭᠤᠨ ᠴᠤ᠌ ᠦᠭᠡᠢ ᠴᠦ᠍ ᠣᠨᠴᠠᠭᠠᠢ ᠰᠢᠨᠵᠢ ᠪᠦᠷᠢᠳᠦᠭᠰᠡᠨ ᠮᠣᠷᠢ ᠪᠠᠢᠪᠠ ᠭᠡᠨ᠎ᠡ᠃ ᠡᠪᠦᠭᠡᠨ ᠳ᠋ᠦ᠍ ᠥᠪᠡᠷ ᠦ᠋ᠨ ᠤᠴᠢᠷ ᠢ᠋ ᠬᠡᠯᠡᠵᠦ᠂ ᠬᠤᠳᠠᠯᠳᠤᠵᠤ ᠶ᠋ᠢ ᠭᠤᠶᠤᠯ᠎ᠠ ᠂
      ᠪᠢ ᠪᠠᠶᠠᠨ ᠠᠢᠯ ᠤ᠋ᠨ ᠬᠣᠨᠢ ᠬᠠᠷᠢᠭᠤᠯᠳᠠᠭ ᠶᠠᠳᠠᠭᠤ ᠬᠥᠮᠦᠨ᠂ ᠡᠨᠡ ᠮᠣᠷᠢ ᠪᠣᠯ ᠡᠵᠡᠨ ᠦ᠌ ᠦᠭᠭᠦᠭᠰᠡᠨ ᠭᠤᠷᠪᠠᠳᠠᠬᠢ ᠤᠨᠤᠭ᠎ᠠ᠂᠂ ᠤᠷᠢᠳᠤᠬᠢ ᠬᠣᠶᠠᠷ ᠨᠢ ᠳᠠᠷᠠᠭᠠᠯᠠᠨ ᠵᠥᠨᠥᠵᠦ ᠦᠬᠦᠭᠰᠡᠨ᠃ ᠪᠢ ᠬᠥᠭᠰᠢᠨ ᠪᠣᠯᠲᠠᠯ᠎ᠠ ᠮᠣᠷᠢᠨ ᠤ᠋ ᠬᠤᠷᠳᠤᠨ ᠢ᠋ ᠰᠣᠩᠭᠣᠵᠤ ᠰᠢᠨᠵᠢᠵᠦ ᠶᠠᠪᠤᠭ᠎ᠠ ᠦᠭᠡᠢ᠂ ᠬᠤᠳᠠᠯᠳᠤᠬᠤ ᠡᠰᠡᠬᠦ ᠶ᠋ᠢ ᠮᠡᠳᠡᠬᠦ ᠦᠭᠡᠢ᠂ ᠡᠵᠡᠨ ᠥᠪᠡᠷ ᠢ᠋ᠶ᠋ᠡᠨ ᠮᠡᠳᠡᠬᠦ ᠪᠠᠢᠵᠤ ᠭᠡᠵᠡᠢ᠃ ᠲᠦᠰᠢᠮᠡᠯ ᠮᠣᠷᠢᠨ ᠤ᠋ ᠡᠵᠡᠨ ᠦ᠌ ᠳ᠋ᠦ᠍ ᠣᠴᠢᠵᠤ᠂ ᠬᠤᠳᠠᠯᠳᠤᠬᠤ ᠶ᠋ᠢ ᠭᠤᠶᠤᠯ᠎ᠠ᠃ ᠮᠢᠨᠦ ᠮᠢᠩᠭ᠎ᠠ ᠲᠦᠮᠡᠨ ᠠᠳᠤᠭᠤᠨ ᠤ᠋ ᠳᠣᠲᠣᠷ᠎ᠠ ᠠ᠋ᠴᠠ ᠬᠠᠮᠤᠭ ᠤ᠋ᠨ ᠠᠳᠠᠭ ᠨᠢ ᠪᠣᠯᠤᠭᠰᠠᠨ ᠬᠣᠨᠢ ᠬᠠᠷᠢᠭᠤᠯᠳᠠᠭ ᠡᠴᠢᠵᠦ ᠲᠤᠢᠯᠳᠠᠭᠰᠠᠨ ᠡᠨᠡ ᠮᠣᠷᠢ ᠶ᠋ᠢ ᠬᠤᠷᠳᠤᠨ ᠭᠡᠵᠦ ᠬᠡᠨ ᠦᠨᠡᠮᠰᠢᠬᠦ ᠤᠤ᠂ ᠪᠢ ᠡᠭᠦᠨ ᠢ᠋ ᠬᠤᠳᠠᠯᠳᠤᠬᠤ ᠶ᠋ᠢ ᠪᠢᠲᠡᠭᠡᠢ ᠬᠡᠯᠡ᠂ ᠵᠦᠭᠡᠷ ᠥᠭᠬᠦ ᠡᠴᠡ ᠪᠡᠨ ᠪᠦᠷ ᠡᠴᠢᠵᠦ ᠪᠠᠢᠨ᠎ᠠ ᠭᠡᠯ᠎ᠡ᠃ ᠲᠦᠰᠢᠮᠡᠯ ᠮᠥᠩᠭᠥ ᠪᠡᠨ ᠰᠢᠷᠡᠭᠡᠨ ᠳᠡᠭᠡᠷ᠎ᠡ ᠲᠠᠯᠪᠢᠵᠤ᠂ ᠡᠨᠡ ᠮᠥᠩᠭᠥ ᠡᠵᠡᠨ ᠲᠠᠨ ᠤ᠋ ᠥᠯᠵᠡᠢ ᠪᠣᠯᠤᠭ ᠂ ᠬᠡᠭᠡᠷ ᠮᠣᠷᠢ ᠬᠤᠷᠳᠤᠨ ᠪᠣᠯᠤᠭ ᠭᠡᠵᠦ ᠬᠡᠯᠡᠭᠡᠳ᠂ ᠬᠡᠭᠡᠷ ᠮᠣᠷᠢ ᠪᠠᠨ ᠬᠥᠲᠥᠯᠦᠨ ᠪᠤᠴᠠᠯ᠎ᠠ᠃ ᠭᠡᠲᠡᠯ᠎ᠡ ᠰᠡᠴᠡᠨ ᠬᠠᠭᠠᠨ ᠤᠴᠢᠷ ᠦᠭᠡᠢ ᠶᠡᠬᠡ ᠠᠭᠤᠷᠯᠠᠵᠤ ᠭᠡᠨ᠎ᠡ᠃ ᠬᠠᠯᠬ᠎ᠠ ᠮᠣᠩᠭᠣᠯ ᠤ᠋ᠨ ᠠᠳᠤᠭᠤᠨ ᠰᠦᠷᠦᠭ ᠦ᠋ᠨ ᠬᠤᠷᠳᠤᠨ ᠨᠢ ᠪᠠᠷᠢᠭᠳᠠᠵᠤ ᠭᠡᠵᠦ ᠪᠣᠳᠣᠭᠠᠳ᠂ ᠡᠨᠡ ᠠᠳᠤᠭᠤ ᠨᠡᠷ᠎ᠡ ᠲᠡᠢ᠂ ᠠᠯᠤᠬᠠᠨ ᠲᠣᠯᠣᠭᠠᠢ ᠲᠠᠢ ᠶᠠᠭᠤᠮ᠎ᠠ ᠶ᠋ᠢ ᠠᠪᠴᠢᠷᠠᠵᠤ᠂ ᠮᠢᠨᠦ ᠲᠣᠯᠣᠭᠠᠢ ᠡᠷᠭᠢᠭᠦᠯᠬᠦ ᠭᠡᠵᠦ ᠪᠣᠳᠣᠭᠠᠳ ᠶᠣᠣ ᠂ ᠡᠨᠡ ᠶ᠋ᠢ ᠪᠡᠨ ᠠᠪᠤᠭᠠᠳ ᠵᠠᠢᠯᠠ ᠭᠡᠵᠦ ᠬᠥᠭᠡᠭᠡᠵᠡᠢ ᠭᠡᠨ᠎ᠡ᠃
       ᠲᠦᠰᠢᠮᠡᠯ ᠮᠣᠷᠢ ᠪᠠᠨ ᠬᠥᠲᠥᠯᠵᠦ᠂ ᠲᠥᠪ ᠬᠦᠷᠬᠦ ᠶ᠋ᠢᠨ ᠠᠮᠠᠨ ᠳ᠋ᠤ᠌ ᠢᠷᠡᠵᠦ᠂ ᠪᠠᠷᠠᠭ᠎ᠠ ᠥᠩᠭᠡ ᠶ᠋ᠢᠨ ᠳᠠᠪᠠᠭᠤ ᠪᠠᠷ ᠪᠢᠲᠡᠭᠦᠦ ᠨᠢᠮᠭᠡᠨ ᠬᠠᠯᠬᠠᠪᠴᠢ ᠬᠢᠵᠦ᠂ ᠤᠰᠤ ᠢᠳᠡᠰᠢ ᠶ᠋ᠢ ᠨᠢ ᠲᠠᠭᠠᠷᠠᠭᠤᠯᠤᠨ᠂ ᠪᠣᠯᠬᠤ ᠭᠡᠵᠦ ᠪᠠᠢᠭ᠎ᠠ ᠲᠥᠷᠥ ᠶ᠋ᠢᠨ ᠶᠡᠬᠡ ᠨᠠᠭᠠᠳᠤᠮ ᠳ᠋ᠤ᠌ ᠤᠷᠤᠯᠳᠤᠭᠤᠯᠬᠤ ᠪᠠᠷ ᠰᠣᠢᠵᠤ ᠡᠬᠢᠯᠡᠯ᠎ᠡ᠃ ᠨᠢᠭᠡᠨ ᠡᠳᠦᠷ ᠤᠶᠠᠵᠤ ᠪᠠᠢᠭ᠎ᠠ ᠪᠦᠬᠦ ᠮᠣᠷᠢᠳ ᠢ᠋ ᠬᠦᠦ ᠨᠣᠭᠣᠭᠠᠨ ᠲᠣᠯᠣᠭᠠᠢ ᠭᠡᠳᠡᠭ ᠭᠠᠵᠠᠷ ᠴᠤᠭᠯᠠᠭᠤᠯᠤᠨ ᠮᠣᠷᠢ ᠰᠢᠨᠵᠢᠶᠡᠭᠡᠴᠢ ᠨᠠᠷ ᠰᠢᠨᠵᠢᠴᠢᠬᠡᠯ᠎ᠡ᠃ ᠰᠢᠨᠵᠢᠶᠡᠭᠡᠴᠢ ᠨᠠᠷ ᠤ᠋ᠨ ᠳᠣᠲᠣᠷ᠎ᠠ ᠠ᠋ᠴᠠ ᠪᠥᠭᠲᠦᠭᠡᠷ ᠨᠢᠷᠤᠭᠤ ᠲᠠᠢ᠂ ᠬᠥᠬᠡ ᠡᠪᠦᠭᠡᠨ᠂ ᠠᠢ ᠬᠥᠭᠡᠷᠦᠬᠦᠢ᠂ ᠲᠠᠨ ᠤ᠋ ᠮᠣᠷᠢ ᠠ᠋ᠴᠠ ᠬᠤᠷᠳᠤᠨ ᠮᠣᠷᠢ ᠶᠤᠮ᠃ ᠭᠡᠪᠡᠴᠦ ᠲᠡᠷᠢᠭᠦᠨ ᠨᠠᠭᠠᠳᠤᠮ ᠳ᠋ᠤ᠌ ᠲᠦᠷᠦᠭᠦᠦ ᠪᠤᠯᠢᠶᠠᠵᠤ ᠴᠢᠳᠠᠬᠤ ᠦᠭᠡᠢ ᠨᠢ ᠪᠣᠭᠳᠠ ᠶ᠋ᠢᠨ ᠣᠷᠣᠨ ᠤ᠋ ᠰᠠᠷᠠᠪᠴᠢᠨ ᠳ᠋ᠤ᠌ ᠠᠯᠲᠠᠨ ᠥᠩᠭᠡᠲᠦ ᠨᠥᠮᠥᠷᠭᠡ ᠲᠡᠢ᠂ ᠬᠦᠯᠢᠴᠡᠪᠡᠢ ᠶ᠋ᠢᠨ ᠤᠨᠠᠭ᠎ᠠ ᠮᠠᠨᠵᠤ ᠶ᠋ᠢᠨ ᠬᠠᠭᠠᠨ ᠤ᠋ ᠬᠤᠷᠳᠤᠨ ᠪᠣᠷᠣ ᠭᠡᠳᠡᠭ᠂ ᠭᠠᠵᠠᠷ ᠭᠢᠰᠬᠢᠬᠦ ᠤᠯᠠᠭᠠᠨ ᠬᠥᠯᠲᠦ ᠠᠮᠢᠲᠠᠨ ᠢ᠋ ᠤᠯᠠ ᠳ᠋ᠠᠭᠠᠨ ᠣᠷᠣᠭᠤᠯᠳᠠᠭ ᠦᠭᠡᠢ᠂ ᠬᠤᠷᠳᠤᠨ ᠮᠣᠷᠢ ᠪᠣᠢ᠂ ᠲᠠᠷᠢᠨ ᠤ᠋ ᠳᠠᠷᠠᠭ᠎ᠠ ᠯᠠ ᠲᠠᠨ ᠤ᠋ ᠡᠨᠡ ᠬᠡᠭᠡᠷ ᠢᠷᠡᠨ᠎ᠡ ᠳᠠ ᠭᠡᠵᠦ ᠬᠡᠯᠡᠬᠦ ᠳ᠋ᠦ᠍᠂ ᠲᠦᠰᠢᠮᠡᠯ ᠦᠭᠡᠢ ᠶᠡᠷᠦ ᠬᠠᠯᠬ᠎ᠠ ᠮᠣᠩᠭᠣᠯᠴᠤᠳ ᠮᠣᠷᠢᠨ ᠤ᠋ ᠪᠠᠨ ᠲᠦᠷᠦᠭᠦᠦ ᠶ᠋ᠢ ᠬᠠᠷᠢ ᠶ᠋ᠢᠨ ᠮᠠᠨᠵᠤ ᠨᠠᠷ ᠲᠤ᠌ ᠠᠯᠳᠠᠬᠤ ᠭᠡᠵᠦ ᠤᠤ ᠭᠡᠵᠦ ᠪᠣᠳᠣᠭᠠᠳ᠂ ᠡᠪᠦᠭᠡᠨ ᠭᠤᠸᠠᠢ ᠮᠢᠨᠦ ᠬᠡᠭᠡᠷ ᠮᠣᠷᠢ᠂ ᠲᠡᠷᠡ ᠪᠣᠷᠣ ᠮᠣᠷᠢᠨ ᠤ᠋ ᠡᠮᠦᠨ᠎ᠡ ᠣᠷᠣᠬᠤ ᠠᠷᠭ᠎ᠠ ᠪᠠᠢᠬᠤ ᠦᠭᠡᠢ ᠶᠣᠣ ᠭᠡᠬᠦ ᠳ᠋ᠦ᠍᠂ ᠡᠪᠦᠭᠡᠨ᠂ ᠮᠠᠨᠵᠤ ᠶ᠋ᠢᠨ ᠬᠠᠭᠠᠨ ᠤ᠋ ᠲᠡᠷᠡ ᠮᠣᠷᠢᠨ ᠳ᠋ᠤ᠌ ᠰᠡᠪᠡᠭ ᠲᠦ᠍ ᠨᠢᠭᠡ ᠶᠠᠭᠤᠮ᠎ᠠ ᠠᠵᠢᠭᠯᠠᠭᠳᠠᠭᠰᠠᠨ ᠃ ᠨᠢᠭᠡ ᠤᠳᠠᠭ᠎ᠠ ᠶ᠋ᠢᠨ ᠨᠢᠭᠤᠴᠠ ᠦᠰᠦᠷᠦᠭᠡ ᠳ᠋ᠦ᠍ ᠣᠯᠠᠨ ᠬᠥᠮᠦᠨ ᠱᠤᠤᠭᠢᠵᠤ᠂ ᠬᠡᠦᠬᠡᠳ ᠭᠢᠩᠭᠣᠯᠠᠬᠤ ᠳ᠋ᠤ᠌ ᠴᠢᠬᠢ ᠨᠢ ᠰᠣᠷᠲᠣᠯᠵᠠᠵᠤ ᠢᠷᠡᠭᠡᠳ ᠮᠢᠬ᠎ᠠ ᠨᠢ ᠴᠡᠴᠡᠷᠡᠵᠦ ᠶᠡᠬᠡ ᠯᠡ ᠠᠶᠤᠵᠤ ᠰᠦᠷᠳᠡᠵᠦ ᠪᠠᠢᠭᠰᠠᠨ ᠰᠢᠦ᠃ ᠪᠣᠳᠣᠪᠠᠯ ᠦᠷᠢᠶ᠎ᠡ ᠳᠠᠭ᠎ᠠ ᠪᠠᠢᠬᠤ ᠳ᠋ᠠᠭᠠᠨ ᠬᠤᠳᠳᠤᠭ ᠶᠤᠮ ᠤᠤ᠂ ᠤᠰᠤᠨ ᠳ᠋ᠤ᠌ ᠤᠨᠠᠭᠰᠠᠨ ᠪᠠᠢᠵᠤ ᠲᠠᠭᠠᠷᠠᠨ᠎ᠠ ᠭᠡᠵᠦ ᠪᠣᠳᠣᠭᠰᠠᠨ᠂ ᠭᠡᠵᠦ ᠶᠠᠷᠢᠵᠤ ᠭᠡᠨ᠎ᠡ᠂
       ᠢᠩᠭᠢᠭᠡᠳ ᠨᠠᠭᠠᠳᠤᠮ ᠪᠣᠯᠵᠤ ᠮᠣᠷᠢᠳ ᠭᠠᠷᠬᠤ ᠪᠣᠯᠬᠤ ᠳ᠋ᠤ᠌ ᠲᠦᠰᠢᠮᠡᠯ᠂ ᠴᠤᠪᠤᠭ᠎ᠠ ᠰᠡᠷᠭᠦᠯᠡᠩ ᠬᠦᠦ ᠣᠯᠵᠤ ᠂ ᠮᠣᠷᠢ ᠪᠠᠨ ᠤᠨᠤᠭᠤᠯᠤᠭᠠᠳ᠂ ᠵᠠ ᠬᠦᠦ ᠮᠢᠨᠢ ᠮᠠᠨᠵᠤ ᠶ᠋ᠢᠨ ᠬᠠᠭᠠᠨ ᠤ᠋ ᠬᠤᠷᠳᠤᠨ ᠪᠣᠷᠣ ᠮᠣᠷᠢᠨ ᠠ᠋ᠴᠠ ᠪᠢᠲᠡᠭᠡᠢ ᠬᠤᠴᠤᠷᠠ᠂ ᠮᠣᠷᠢ ᠪᠠᠷᠢᠬᠤ ᠬᠥᠮᠦᠰ ᠦ᠋ᠨ ᠪᠠᠷ᠎ᠠ ᠬᠠᠷᠠᠭᠳᠠᠮᠠᠭᠴᠠ ᠯᠠ ᠪᠠᠢᠳᠠᠭ ᠴᠢᠳᠠᠯ ᠢ᠋ᠶ᠋ᠠᠷ ᠢ᠋ᠶ᠋ᠠᠨ ᠭᠤᠸᠠᠭᠯᠠᠭᠠᠷᠠᠢ ᠭᠡᠵᠦ ᠵᠠᠬᠢᠵᠠᠢ ᠭᠡᠨ᠎ᠡ᠃ ᠮᠠᠨᠵᠤ ᠬᠠᠭᠠᠨ ᠤ᠋ ᠪᠣᠷᠣ ᠂ ᠲᠦᠰᠢᠮᠡᠯ ᠦ᠋ᠨ ᠬᠡᠭᠡᠷ ᠬᠣᠶᠠᠷ ᠂ᠲᠠᠰᠤᠷᠬᠠᠢ ᠭᠠᠷᠴᠤ ᠂ᠬᠣᠢᠨ᠎ᠠ ᠤᠷᠢᠳᠤ ᠪᠠᠨ ᠣᠷᠣᠭᠰᠠᠭᠠᠷ ᠪᠠᠷᠠᠭᠠᠨ ᠤ᠋ ᠭᠠᠵᠠᠷ ᠣᠢᠷᠠᠳᠠᠬᠤ ᠳ᠋ᠤ᠌᠂ ᠬᠤᠷᠳᠤᠨ ᠬᠡᠭᠡᠷ ᠦ᠋ᠨ ᠬᠦᠦ ᠂ᠬᠡᠳᠦ ᠴᠦ᠍ ᠬᠠᠰᠬᠢᠷᠤᠨ ᠳᠡᠪᠬᠡᠷᠬᠦ ᠳ᠋ᠦ᠍ ᠂ᠮᠠᠨᠵᠤ ᠶ᠋ᠢᠨ ᠬᠠᠭᠠᠨ ᠤ᠋ ᠬᠤᠷᠳᠤᠨ ᠮᠣᠷᠢ ᠶ᠋ᠢ ᠣᠷᠬᠢᠨ ᠂ᠬᠣᠨᠢᠨ ᠤ᠋ ᠬᠡᠭᠡᠷ ᠬᠣᠴᠢ ᠲᠠᠢ ᠬᠤᠷᠳᠤᠨ ᠬᠡᠭᠡᠷ ᠂ᠨᠠᠭᠠᠳᠤᠮ ᠤ᠋ᠨ ᠲᠦᠷᠦᠭᠦᠦ ᠪᠤᠯᠢᠶᠠᠭᠰᠠᠨ ᠭᠡᠳᠡᠭ᠃ ᠡᠨᠡ ᠦᠶ᠎ᠡ ᠡᠴᠡ ᠡᠬᠢᠯᠡᠨ《 ᠲᠠᠢᠭᠠᠨ ᠳᠣᠣᠷ᠎ᠠ ᠮᠣᠷᠢ᠂ ᠲᠠᠬᠠᠨ ᠳᠣᠣᠷ᠎ᠠ ᠡᠷ᠎ᠡ 》ᠭᠡᠳᠡᠭ ᠶᠠᠷᠢᠶ᠎ᠠ ᠡᠭᠦᠰᠦᠭᠰᠡᠨ ᠳᠣᠮᠣᠭ ᠲᠠᠢ᠃

         ᠦᠰᠦᠭ ᠬᠠᠳᠠᠭᠴᠢ᠄ ᠵᠢᠷᠠᠨᠲᠠᠢ
         ᠦᠰᠦᠭ ᠠᠮᠢᠯᠠᠭᠤᠯᠤᠭᠴᠢ ᠬᠢᠨᠠᠭᠴᠢ᠄ ᠤᠤᠭᠠᠨᠵᠢᠳ᠂ ᠵᠢᠷᠠᠨᠲᠠᠢ