ᠬᠥᠬᠡ ᠰᠤᠳᠤᠷ - ᠢᠨᠵᠠᠨᠨᠠᠰᠢ < ᠳᠥᠴᠢᠨ ᠲᠠᠪᠤᠳᠤᠭᠠᠷ ᠪᠦᠯᠦᠭ > Хөх судар - Инжинаш < Дөчин тавдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠥᠴᠢᠨ ᠲᠠᠪᠤᠳᠤᠭᠠᠷ ᠪᠦᠯᠦᠭ > Хөх судар - Инжинаш < Дөчин тавдугаар бүлэг >

ᠬᠥᠬᠡ ᠰᠤᠳᠤᠷ - ᠢᠨᠵᠠᠨᠨᠠᠰᠢ < ᠳᠥᠴᠢᠨ ᠲᠠᠪᠤᠳᠤᠭᠠᠷ ᠪᠦᠯᠦᠭ > Хөх судар - Инжинаш < Дөчин тавдугаар бүлэг >

ᠠᠩᠭᠢᠯᠠᠯ:ᠲᠡᠦᠬᠡ ᠰᠣᠶᠣᠯ
2023-09-10

267

ᠪᠤᠷᠤᠭᠤ ᠬᠤ᠌ ᠱᠠ ᠬᠤ᠌ ᠭᠡᠳᠡᠷᠭᠦ ᠤᠷᠪᠠᠵᠤ ᠨᠢᠭᠡᠨ ᠶᠦᠩ ᠵᠶ᠋ᠢ ᠶ᠋ᠢ ᠠᠯᠠᠵᠤ ᠤᠯᠠᠭᠠᠨ ᠴᠢᠰᠤ ᠤᠷᠤᠰᠬᠠᠪᠠ

ᠪᠣᠭᠳᠠ ᠴᠢᠩᠭᠢᠰ ᠭᠡᠨᠡᠳᠲᠡ ᠬᠢᠯᠢᠩᠯᠡᠨ ᠵᠢᠷᠠᠨ ᠵᠠᠩᠵᠤᠨ ᠢ᠋ ᠠᠪᠴᠤ ᠰᠢᠷ᠎ᠠ ᠮᠥᠷᠡᠨ ᠳ᠋ᠦ᠍ᠷ ᠲᠤᠯᠪᠠ


                     ᠳᠥᠴᠢᠨ ᠲᠠᠪᠤᠳᠤᠭᠠᠷ ᠪᠦᠯᠦᠭ  
                                       ᠬᠠᠷᠠᠨᠴᠢᠨ ᠲᠠᠬᠢᠶ᠎ᠠ ᠵᠢᠯ ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠨᠠᠢ᠍ᠮᠠᠳᠤᠭᠠᠷ ᠣᠨ᠂ ᠰᠥᠩ ᠤᠯᠤᠰ ᠤ᠋ᠨ 
                                       ᠨᠢᠩᠽᠦ᠋ᠩ ᠬᠠᠭᠠᠨ ᠤ᠋ ᠵᠢᠶᠠ ᠳ᠋ᠢᠩ ᠦ᠋ᠨ ᠵᠢᠷᠭᠤᠳᠤᠭᠠᠷ ᠣᠨ ᠂ ᠠᠯᠲᠠᠨ ᠤᠯᠤᠰ ᠤ᠋ᠨ ᠶᠦᠩ ᠵᠢᠢ ᠬᠠᠭᠠᠨ ᠤ᠋ 
                                       ᠴᠥᠩ ᠴᠢᠩ ᠦ᠋ᠨ ᠬᠣᠶᠠᠳᠤᠭᠠᠷ ᠣᠨ ᠂ ᠲᠠᠢᠽᠦ ᠪᠣᠭᠳᠠ ᠴᠢᠩᠭᠢᠰ ᠬᠠᠭᠠᠨ ᠡᠨᠡ ᠵᠢᠯ ᠲᠠᠪᠢᠨ ᠬᠣᠶᠠᠷ ᠰᠡᠭᠦᠳᠡᠷ ᠲᠡᠢ ᠪᠣᠯᠪᠠ  

                 ᠪᠤᠷᠤᠭᠤ ᠬᠤ᠌ ᠱᠠ ᠬᠤ᠌ ᠭᠡᠳᠡᠷᠭᠦ ᠤᠷᠪᠠᠵᠤ ᠨᠢᠭᠡᠨ ᠶᠦᠩ ᠵᠶ᠋ᠢ ᠶ᠋ᠢ ᠠᠯᠠᠵᠤ ᠤᠯᠠᠭᠠᠨ ᠴᠢᠰᠤ ᠤᠷᠤᠰᠬᠠᠪᠠ 
              ᠪᠣᠭᠳᠠ ᠴᠢᠩᠭᠢᠰ ᠭᠡᠨᠡᠳᠲᠡ ᠬᠢᠯᠢᠩᠯᠡᠨ ᠵᠢᠷᠠᠨ ᠵᠠᠩᠵᠤᠨ ᠢ᠋ ᠠᠪᠴᠤ ᠰᠢᠷ᠎ᠠ ᠮᠥᠷᠡᠨ ᠳ᠋ᠦ᠍ᠷ ᠲᠤᠯᠪᠠ 

       ᠥᠭᠦᠯᠡᠬᠦ ᠢᠨᠤ᠂ ᠡᠨᠡ ᠵᠢᠯ ᠦ᠋ᠨ ᠨᠠᠢ᠍ᠮᠠᠨ ᠰᠠᠷ᠎ᠠ ᠳ᠋ᠤ᠌ ᠠᠯᠲᠠᠨ ᠤᠯᠤᠰ ᠤ᠋ᠨ ᠲᠦᠰᠢᠮᠡᠯ ᠬᠤ᠌ ᠱᠠ ᠬᠤ᠌ ᠡᠵᠡᠨ ᠢ᠋ᠶ᠋ᠡᠨ ᠶᠦᠩ ᠵᠶ᠋ᠢ ᠶ᠋ᠢ ᠠᠯᠠᠵᠤ᠂ᠲᠡᠭᠦᠨ ᠦ᠌ ᠳᠡᠭᠦᠦ ᠱᠧᠩ ᠸᠠᠩ – ᠸᠠᠨ ᠶᠠᠨ ᠰᠢᠶᠦ᠋ᠨ ᠢ᠋ ᠪᠠᠢᠭᠤᠯᠵᠤ᠂ ᠡᠨᠡ ᠣᠨ ᠤ᠋ ᠶᠢᠰᠦᠨ ᠰᠠᠷ᠎ᠠ ᠠ᠋ᠴᠠ ᠬᠣᠢᠰᠢ ᠰᠢᠦᠸᠠᠨᠽᠦ᠋ᠩ ᠦ᠋ᠨ ᠵᠸᠠ ᠢᠦ ᠶ᠋ᠢᠨ ᠲᠡᠷᠢᠭᠦᠨ ᠣᠨ ᠬᠡᠮᠡᠪᠡᠢ᠃ ᠲᠡᠨᠳᠡᠴᠡ ᠴᠢᠩᠭᠢᠰ ᠬᠠᠭᠠᠨ ᠪᠠᠷᠠᠭᠤᠨ ᠰᠢᠶᠠ – ᠲᠠᠩᠭᠤᠳ ᠤᠯᠤᠰ ᠤ᠋ᠨ ᠡᠵᠡᠨ ᠯᠢ ᠽᠦᠨ ᠰᠢᠦᠢ ᠳ᠋ᠦ᠍ᠷ ᠵᠠᠷᠯᠢᠭ ᠪᠠᠭᠤᠯᠭᠠᠨ᠂ ᠬᠠᠷᠢᠶᠠᠲᠤ ᠴᠡᠷᠢᠭ ᠢ᠋ᠶ᠋ᠡᠨ ᠠᠪᠴᠤ ᠠᠯᠲᠠᠨ ᠤᠯᠤᠰ ᠤ᠋ᠨ ᠮᠣᠤ ᠠᠨ᠂ ᠴᠠᠩ ᠶᠠᠩ ᠤ᠋ᠨ ᠵᠡᠷᠭᠡ ᠶᠡᠬᠡ ᠭᠠᠵᠠᠷ ᠢ᠋ ᠠᠪ᠂ ᠪᠠᠰᠠ ᠯᠢᠶᠣᠤ ᠳ᠋ᠦᠩ ᠦ᠋ᠨ ᠡᠵᠡᠨ ᠶᠧ ᠯᠢᠦᠢ ᠯᠢᠦ ᠭᠧ ᠳ᠋ᠦ᠍ᠷ ᠵᠠᠷᠯᠢᠭ ᠪᠠᠭᠤᠯᠭᠠᠨ᠂ ᠬᠠᠷᠢᠶᠠᠲᠤ ᠴᠡᠷᠢᠭ ᠢ᠋ᠶ᠋ᠡᠨ ᠠᠪᠴᠤ ᠠᠯᠲᠠᠨ ᠤᠯᠤᠰ ᠤ᠋ᠨ ᠯᠢᠶᠣᠤ ᠳ᠋ᠦᠩ ᠦ᠋ᠨ ᠵᠡᠷᠭᠡᠯᠡᠳᠡᠭᠡ ᠭᠠᠵᠠᠷ ᠢ᠋ ᠠᠪᠴᠤ ᠲᠦᠪᠰᠢᠳᠭᠡ ᠭᠡᠮᠡᠨ ᠵᠠᠷᠯᠠᠵᠤ᠂ ᠥᠪᠡᠷ ᠦ᠋ᠨ ᠪᠡᠶ᠎ᠡ ᠶᠡᠬᠡ ᠴᠡᠷᠢᠭ ᠠᠪᠴᠤ ᠠᠯᠲᠠᠨ ᠤᠯᠤᠰ ᠤ᠋ᠨ ᠬᠣᠢᠲᠤ ᠬᠡᠷᠡᠮ ᠦ᠋ᠨ ᠭᠠᠳᠠᠨ᠎ᠠ ᠶᠡᠬᠡ ᠲᠠᠯ᠎ᠠ ᠳ᠋ᠤᠷ ᠪᠡᠯᠴᠢᠵᠦ᠂ ᠬᠠᠭᠠᠯᠭ᠎ᠠ ᠪᠦᠷᠢ ᠳ᠋ᠦ᠍ᠷ ᠳᠣᠲᠣᠭᠰᠢ ᠬᠠᠨᠳᠤᠨ ᠰᠠᠬᠢᠪᠠ᠂ ᠡᠨᠡ ᠬᠠᠪᠤᠷ ᠤ᠋ᠨ ᠰᠡᠭᠦᠯ ᠭᠤᠷᠪᠠᠨ ᠰᠠᠷ᠎ᠠ ᠳ᠋ᠤᠷ ᠶᠧ ᠯᠢᠦᠢ ᠯᠢᠦ ᠭᠧ ᠬᠠᠭᠠᠨ ᠤ᠋ ᠵᠠᠷᠯᠢᠭ ᠢ᠋ ᠣᠯᠵᠤ᠂ ᠳᠠᠷᠤᠢ ᠥᠪᠡᠷ ᠦ᠋ᠨ ᠪᠡᠶ᠎ᠡ ᠪᠡᠨ ᠯᠢᠶᠣᠤ ᠸᠠᠩ ᠭᠡᠮᠡᠨ ᠡᠷᠭᠦᠵᠦ᠂ ᠭᠡᠷᠭᠡᠢ ᠵᠣᠣ ᠯᠢ ᠱᠢ ᠶ᠋ᠢ ᠹᠧᠢ ᠹᠦᠵᠢᠨ ᠡᠷᠭᠦᠭᠡᠳ ᠤᠯᠤᠰ ᠤ᠋ᠨ ᠨᠡᠷ᠎ᠡ ᠶ᠋ᠢ ᠯᠢᠶᠣᠤ ᠭᠡᠮᠡᠨ ᠨᠡᠷᠡᠢᠳᠦᠭᠡᠳ ᠣᠨ ᠤ᠋ ᠨᠡᠷ᠎ᠡ ᠪᠡᠨ ᠶᠤᠸᠠᠨ ᠲᠦᠩ ᠦ᠋ᠨ ᠲᠡᠷᠢᠭᠦᠨ ᠣᠨ ᠬᠡᠮᠡᠵᠦ᠂ᠡᠳᠡᠭᠡᠷ ᠤᠴᠢᠷ ᠢ᠋ ᠴᠢᠩᠭᠢᠰ ᠬᠠᠭᠠᠨ ᠳ᠋ᠤᠷ ᠠᠢᠯᠠᠳᠬᠠᠬᠤ ᠪᠣᠳᠣᠷᠣᠣᠯ ᠪᠢᠴᠢᠭ ᠬᠢᠵᠦ ᠡᠷᠭᠦᠭᠰᠡᠨ ᠪᠢᠴᠢᠭ ᠦ᠋ᠨ ᠦᠭᠡ : ᠯᠢᠶᠣᠤ ᠳ᠋ᠦᠩ ᠭᠠᠵᠠᠷ ᠤ᠋ᠨ ᠰᠠᠮᠠᠭᠤᠨ ᠢ᠋ ᠲᠣᠭᠲᠠᠭᠠᠨ ᠣᠯᠠᠨ ᠢᠷᠭᠡᠨ ᠦ᠌ ᠰᠠᠨᠠᠭᠠᠨ ᠢ᠋ ᠲᠣᠬᠣᠨᠢᠭᠤᠯᠬᠤᠢ ᠳ᠋ᠤᠷ ᠪᠡᠷᠬᠡ ᠲᠤᠯᠠ ᠳ᠋ᠤᠷ ᠠᠮᠤᠭᠤᠯᠬᠤ ᠶ᠋ᠢ ᠡᠷᠢᠵᠦ ᠡᠳᠡᠭᠡᠷ ᠢ᠋ ᠪᠡᠯᠡᠳᠦᠨ ᠬᠠᠭᠠᠨ ᠤ᠋ ᠡᠮᠦᠨ᠎ᠡ ᠬᠦᠴᠦᠨ ᠪᠠᠷᠢᠵᠤ᠂ ᠯᠢᠶᠣᠤ ᠳ᠋ᠦᠩ ᠢ᠋ ᠲᠦᠪᠰᠢᠳᠬᠡᠵᠦ ᠪᠡᠯᠡᠨ ᠪᠣᠯᠭᠠᠬᠤ ᠶ᠋ᠢᠨ ᠲᠤᠯᠠ ᠲᠡᠢᠨ ᠬᠦ᠌ ᠶᠡᠬᠡ ᠬᠥᠪᠡᠭᠦᠨ ᠰᠢᠦᠸᠠᠢ ᠱᠧ ᠶ᠋ᠢ ᠢᠲᠡᠭᠡᠮᠵᠢ ᠪᠣᠯᠭᠠᠨ ᠳᠡᠨᠵᠢ ᠳᠠᠷᠤᠷ᠎ᠠ ᠬᠦᠷᠭᠡᠪᠡ ᠬᠡᠮᠡᠵᠦᠬᠦᠢ᠃ 
       ᠲᠡᠳᠦᠢ ᠶᠡᠬᠡ ᠬᠥᠪᠡᠭᠦᠨ ᠰᠢᠦᠸᠠᠢ ᠱᠧ ᠳ᠋ᠦ᠍ᠷ ᠢ᠋ᠶ᠋ᠠᠨ ᠤᠯᠤᠰ ᠲᠥᠷᠥ ᠶ᠋ᠢᠨ ᠶᠡᠬᠡ ᠰᠠᠨᠠᠭᠠᠨ ᠤᠴᠢᠷ ᠳᠦᠷᠢᠮ᠂ ᠬᠦᠨᠳᠦ ᠠᠯᠪᠠ ᠶ᠋ᠢ ᠪᠠᠷᠢᠭᠤᠯᠤᠨ ᠮᠣᠩᠭᠣᠯ ᠳ᠋ᠤ᠌ ᠢᠯᠡᠭᠡᠪᠡ᠃ ᠲᠡᠳᠦᠢ ᠰᠢᠦᠸᠠᠢ ᠱᠧ ᠡᠴᠢᠭᠡ ᠶ᠋ᠢᠨ ᠦᠭᠡ ᠶ᠋ᠢ ᠠᠪᠴᠤ ᠪᠣᠳᠣᠷᠣᠣᠯ ᠪᠢᠴᠢᠭ ᠢ᠋ ᠡᠭᠦᠷᠦᠨ ᠬᠡᠳᠦᠨ ᠵᠠᠭᠤᠨ ᠲᠡᠷᠭᠡ ᠬᠦᠨᠳᠦ ᠠᠯᠪᠠᠨ ᠤ᠋ ᠡᠳ᠋ ᠢ᠋ ᠠᠪᠴᠤ ᠮᠣᠩᠭᠣᠯ ᠤ᠋ᠨ ᠴᠢᠩᠭᠢᠰ ᠬᠠᠭᠠᠨ ᠳ᠋ᠤᠷ ᠮᠥᠷᠭᠥᠨ ᠪᠠᠷᠠᠯᠬᠠᠵᠤ ᠪᠣᠳᠣᠷᠣᠣᠯ ᠪᠢᠴᠢᠭ ᠢ᠋ᠶ᠋ᠡᠨ ᠡᠷᠭᠦᠵᠦ ᠪᠡᠶ᠎ᠡ ᠪᠡᠷ ᠳᠡᠨᠵᠢ ᠪᠣᠯᠭᠠᠨ ᠢᠲᠡᠭᠡᠯ ᠢ᠋ ᠦᠵᠡᠭᠦᠯᠬᠦ ᠶ᠋ᠢ ᠠᠢᠯᠠᠳᠬᠠᠭᠰᠠᠨ᠎ᠠ᠂ ᠬᠠᠭᠠᠨ ᠤ᠋ ᠭᠡᠭᠡᠨ  ᠶᠧ ᠯᠢᠦᠢ ᠯᠢᠦ ᠭᠧ ᠶ᠋ᠢᠨ ᠴᠢᠩ ᠦᠨᠡᠨ ᠢ᠋ ᠰᠠᠢᠰᠢᠶᠠᠵᠤ᠂ ᠢᠯᠡᠭᠡᠭᠰᠡᠨ ᠪᠢᠴᠢᠭ ᠢ᠋ ᠵᠥᠪᠰᠢᠶᠡᠷᠡᠵᠦ᠂ ᠳᠠᠷᠤᠢ ᠰᠢᠦᠸᠠᠢ ᠱᠧ ᠶ᠋ᠢ ᠳᠡᠷᠭᠡᠳᠡ ᠪᠡᠨ ᠪᠠᠢᠯᠭᠠᠨ ᠵᠥᠪᠰᠢᠶᠡᠵᠦ ᠬᠠᠷᠢᠭᠤ ᠵᠠᠷᠯᠢᠭ ᠪᠠᠭᠤᠯᠭᠠᠪᠠ᠃ 
       ᠲᠡᠳᠦᠢ ᠶᠧ ᠯᠢᠦᠢ ᠯᠢᠦ ᠭᠧ ᠰᠡᠳᠬᠢᠯ ᠠᠮᠤᠷ ᠢ᠋ᠶ᠋ᠠᠷ ᠠᠯᠲᠠᠨ ᠤᠯᠤᠰ ᠤ᠋ᠨ ᠯᠢᠶᠣᠤ ᠳ᠋ᠦᠩ ᠳ᠋ᠦ᠍ᠷ ᠣᠢᠷ᠎ᠠ ᠵᠧᠦ ᠵᠢᠶᠦ᠋ᠨ ᠢ᠋ ᠪᠠᠢᠯᠳᠤᠵᠤ ᠬᠡᠳᠦ ᠬᠡᠳᠦᠨ ᠶᠡᠬᠡ ᠬᠣᠲᠠᠨ ᠢ᠋ ᠠᠪᠴᠤ ᠮᠣᠩᠭᠣᠯ ᠤᠯᠤᠰ ᠲᠤᠷ ᠰᠣᠨᠣᠰᠬᠠᠨ ᠠᠢᠯᠠᠳᠬᠠᠪᠠ᠃ ᠬᠠᠭᠠᠨ ᠤ᠋ ᠭᠡᠭᠡᠨ ᠬᠠᠷᠢᠭᠤ ᠬᠦᠨᠳᠦ ᠱᠠᠩ ᠬᠦᠷᠲᠡᠭᠡᠨ ᠰᠠᠢᠰᠢᠶᠠᠬᠤ ᠵᠠᠷᠯᠢᠭ ᠪᠠᠭᠤᠯᠭᠠᠪᠠ᠃ ᠲᠠᠪᠤᠨ ᠰᠠᠷ᠎ᠠ ᠳ᠋ᠤᠷ ᠰᠢᠶᠠ ᠤᠯᠤᠰ ᠤ᠋ᠨ ᠪᠠᠭ᠎ᠠ ᠡᠵᠡᠨ ᠯᠢ ᠽᠦᠨ ᠰᠢᠦᠢ ᠬᠠᠷᠢᠶᠠᠲᠤ ᠴᠡᠷᠢᠭ ᠢ᠋ᠶ᠋ᠡᠨ ᠠᠷᠪᠠᠨ ᠲᠦᠮᠡ ᠰᠢᠯᠭᠠᠵᠤ᠂ ᠠᠯᠲᠠᠨ ᠤᠯᠤᠰ ᠤ᠋ᠨ ᠪᠠᠷᠠᠭᠤᠨ ᠬᠣᠢᠲᠤ ᠮᠣᠤ ᠠᠨ ᠢ᠋ ᠪᠠᠢᠯᠳᠤᠬᠤᠢ ᠳ᠋ᠤᠷ ᠴᠡᠷᠢᠭ ᠦ᠋ᠨ ᠳᠣᠲᠣᠷ᠎ᠠ ᠬᠠᠭᠤᠷᠮᠠᠭ ᠴᠠᠭᠠᠲᠠᠢ ᠲᠠᠢᠽᠢ ᠶ᠋ᠢᠨ ᠰᠢᠭᠦᠷ ᠲᠤᠭ ᠪᠠᠷᠢᠭᠤᠯᠵᠤ ᠣᠷᠣᠭᠰᠠᠨ ᠳ᠋ᠤᠷ ᠮᠣᠤ ᠠᠨ ᠰᠢᠶᠠᠨ ᠢ᠋ ᠰᠠᠬᠢᠭᠰᠠᠨ ᠰᠦᠸᠧ ᠱᠢ ᠬᠡᠮᠡᠭᠴᠢ ᠲᠦᠩ ᠵᠢᠢ ᠲᠦᠰᠢᠮᠡᠯ ᠬᠠᠷᠢᠶᠠᠲᠤ ᠭᠠᠵᠠᠷ ᠤ᠋ᠨ ᠪᠠᠶᠠᠨ ᠢᠷᠭᠡᠴᠦᠳ ᠪᠠ ᠪᠢᠴᠢᠭ ᠦ᠋ᠨ ᠬᠥᠮᠦᠨ ᠨᠠᠷ ᠢ᠋ ᠤᠷᠢᠵᠤ ᠵᠥᠪᠯᠡᠭᠡᠳ ᠲᠦᠮᠡᠨ ᠢᠷᠭᠡᠨ ᠢ᠋ᠶ᠋ᠡᠨ ᠠᠪᠴᠤ ᠯᠢ ᠽᠦᠨ ᠰᠢᠦᠢ ᠶ᠋ᠢ ᠤᠭᠲᠤᠨ ᠢᠷᠡᠵᠦ ᠮᠥᠷᠭᠥᠨ ᠳᠠᠭᠠᠪᠠ᠃ 
       ᠲᠡᠳᠦᠢ ᠯᠢ ᠽᠦᠨ ᠰᠢᠦᠢ ᠴᠡᠷᠢᠭ ᠢ᠋ ᠭᠠᠳᠠᠨ᠎ᠠ ᠪᠠᠭᠤᠯᠭᠠᠵᠤ ᠥᠪᠡᠷ ᠢ᠋ᠶ᠋ᠡᠨ ᠬᠣᠲᠠᠨ ᠳ᠋ᠤᠷ ᠣᠷᠣᠵᠤ ᠶᠠᠮᠤᠨ ᠳ᠋ᠤᠷ ᠰᠠᠭᠤᠨ ᠰᠢᠨ᠎ᠡ ᠳᠠᠭᠠᠭᠰᠠᠨ ᠰᠦᠸᠧ ᠱᠢ ᠳ᠋ᠦ᠍ᠷ ᠬᠦᠨᠳᠦ ᠨᠢᠭᠤᠷ ᠥᠭᠴᠦ ᠵᠢᠴᠢ ᠣᠯᠠᠨ ᠵᠡᠷᠭᠡᠲᠡᠨ ᠪᠠ ᠪᠠᠶᠠᠴᠤᠳ ᠪᠢᠴᠢᠭ ᠦ᠋ᠨ ᠠᠷᠠᠳ ᠢ᠋ ᠶᠡᠬᠡᠳᠡ ᠬᠤᠷᠢᠮᠯᠠᠨ᠂ ᠣᠳᠣ ᠴᠠᠩ ᠶᠠᠩ ᠤ᠋ᠨ ᠬᠣᠲᠠ ᠪᠠᠶᠠᠨ ᠡᠯᠪᠡᠭ᠂ ᠬᠡᠷᠬᠢᠨ ᠠᠪᠬᠤ ᠠᠷᠭ᠎ᠠ ᠶ᠋ᠢ ᠵᠥᠪᠡᠯᠡᠭᠰᠡᠨ ᠳ᠋ᠦ᠍ᠷ ᠰᠦᠸᠧ ᠱᠢ ᠨᠢᠳᠦ ᠢᠮᠨᠡᠵᠦ᠂ ᠬᠤᠷᠢᠮ ᠲᠠᠷᠬᠠᠭᠰᠠᠨ ᠬᠣᠢᠨ᠎ᠠ ᠯᠢ ᠽᠦᠨ ᠰᠢᠦᠢ ᠳ᠋ᠦ᠍ᠷ ᠰᠡᠮᠡᠬᠡᠷ ᠥᠭᠦᠯᠡᠷᠦᠨ : 《ᠡᠨᠡ ᠬᠣᠲᠠᠨ ᠢ᠋ ᠠᠪᠬᠤ ᠨᠢᠭᠡᠨ ᠬᠢᠯᠪᠠᠷ ᠠᠷᠭ᠎ᠠ ᠪᠣᠢ᠂ ᠲᠡᠳᠡ ᠴᠡᠷᠢᠭ ᠣᠯᠠᠨ ᠬᠣᠲᠠ ᠪᠠᠲᠤ ᠳ᠋ᠤᠷ ᠡᠷᠳᠦᠵᠦ ᠰᠠᠬᠢᠬᠤ ᠠᠨᠤ ᠮᠠᠰᠢ ᠪᠠᠲᠤ ᠲᠤᠯᠠ ᠶᠤᠸᠠᠨᠱᠤᠸᠠᠢ ᠴᠢ ᠬᠣᠶᠠᠷ ᠵᠠᠭᠤᠨ ᠰᠠᠢᠨ ᠡᠷᠡᠰ ᠢ᠋ ᠰᠣᠩᠭᠣᠵᠤ᠂ ᠮᠠᠭᠤ ᠳᠡᠪᠡᠯ ᠬᠤᠪᠴᠠᠰᠤ – ᠬᠣᠲᠠᠨ ᠤ᠋ ᠰᠤᠯᠠ ᠢᠷᠭᠡᠨ ᠬᠤᠳᠠᠯᠳᠤᠭ᠎ᠠ ᠲᠠᠷᠢᠶᠠᠴᠢᠨ ᠤ᠋ ᠳᠡᠪᠡᠯ ᠢ᠋ ᠡᠮᠦᠰᠬᠡᠵᠦ᠂ ᠡᠨᠡ ᠰᠥᠨᠢ ᠬᠠᠭᠤᠷᠮᠠᠭ ᠢ᠋ᠶ᠋ᠠᠷ ᠮᠠᠨ ᠤ᠋ ᠬᠣᠲᠠᠨ ᠤ᠋ ᠪᠠᠶᠠᠴᠤᠳ ᠪᠠ ᠲᠦᠰᠢᠮᠡᠳ ᠦ᠋ᠨ ᠭᠡᠷ ᠡᠷᠦᠬᠡ ᠶ᠋ᠢ ᠬᠣᠢᠲᠤ ᠵᠦᠭ ᠪᠠᠭᠤᠯᠭᠠᠨ ᠠᠪᠠᠴᠢᠮᠤᠢ ᠭᠡᠮᠡᠨ ᠵᠠᠷᠯᠠᠵᠤ᠂ ᠴᠤᠤ ᠠᠯᠳᠠᠷᠰᠢᠭᠤᠯᠪᠠᠰᠤ ᠮᠠᠨ ᠤ᠋ ᠬᠣᠲᠠᠨ ᠤ᠋ ᠣᠯᠠᠨ ᠢ᠋ᠶ᠋ᠠᠷ ᠯᠠᠪ ᠲᠡᠷᠡ ᠴᠠᠩ ᠶᠠᠩ ᠬᠣᠲᠠᠨ ᠳ᠋ᠤᠷ ᠪᠤᠷᠤᠭᠤᠯᠠᠮᠤᠢ᠂ ᠳᠠᠷᠤᠢ ᠲᠡᠷᠡ ᠰᠦᠷᠦᠭ ᠲᠣᠷ ᠮᠠᠨ ᠤ᠋ ᠪᠡᠯᠡᠳᠬᠡᠭᠰᠡᠨ ᠴᠡᠷᠢᠭ ᠦ᠋ᠨ ᠬᠥᠮᠦᠨ ᠢ᠋ ᠣᠬᠣᠷ ᠵᠡᠪᠰᠡᠭ ᠢ᠋ ᠪᠡᠶ᠎ᠡ ᠳ᠋ᠦ᠍ᠷ ᠨᠢᠭᠤᠯᠭᠠᠨ ᠣᠷᠣᠭᠤᠯᠵᠤ᠂ ᠳᠠᠷᠠᠭ᠎ᠠ ᠪᠠᠷ ᠴᠡᠷᠢᠭ ᠬᠦᠷᠪᠡᠰᠦ ᠮᠥᠨ ᠴᠡᠷᠢᠭ ᠬᠣᠲᠠᠨ ᠤ᠋ ᠬᠠᠭᠠᠯᠭ᠎ᠠ ᠰᠠᠬᠢᠭᠰᠠᠨ ᠴᠡᠷᠢᠭ ᠢ᠋ ᠠᠯᠠᠵᠤ᠂ ᠬᠠᠭᠠᠯᠭ᠎ᠠ ᠶ᠋ᠢ ᠨᠡᠭᠡᠭᠡᠪᠡᠰᠦ ᠬᠢᠯᠪᠠᠷ ᠢ᠋ᠶ᠋ᠠᠷ ᠴᠠᠩ ᠶᠠᠩ ᠤ᠋ᠨ ᠬᠣᠲᠠ ᠶ᠋ᠢ ᠣᠯᠵᠤ ᠠᠪᠤᠮᠤᠢ᠃ 》 ᠬᠡᠮᠡᠬᠦᠢ ᠳ᠋ᠦ᠍ᠷ ᠯᠢ ᠽᠦᠨ ᠰᠢᠦᠢ ᠶᠡᠬᠡᠯ᠎ᠡ ᠪᠠᠶᠠᠷᠯᠠᠨ ᠳᠠᠷᠤᠢ ᠬᠣᠶᠠᠷ ᠵᠠᠭᠤᠨ ᠰᠠᠢᠨ ᠡᠷᠡᠰ ᠢ᠋ ᠰᠢᠯᠭᠠᠵᠤ᠂ ᠴᠥᠮ ᠮᠠᠭᠤ ᠳᠡᠪᠡᠯ ᠬᠤᠪᠴᠠᠳ ᠢ᠋ ᠡᠮᠦᠰᠬᠡᠵᠦ᠂ ᠬᠤᠳᠠᠯᠳᠤᠭᠠᠴᠢᠨ ᠲᠠᠷᠢᠶᠠᠴᠢᠨ ᠤ᠋ ᠳᠦᠷᠢ ᠪᠡᠷ ᠴᠢᠮᠡᠭᠯᠡᠭᠦᠯᠦᠨ ᠬᠣᠲᠠᠨ ᠤ᠋ ᠬᠠᠭᠠᠯᠭ᠎ᠠ ᠳ᠋ᠤᠷ ᠪᠡᠯᠡᠳᠦᠭᠡᠳ ᠥᠪᠡᠷ ᠦ᠋ᠨ ᠨᠢᠭᠡᠨ ᠬᠠᠭᠠᠰ ᠴᠡᠷᠢᠭ ᠢ᠋ ᠠᠪᠴᠤ ᠬᠣᠲᠠᠨ ᠳ᠋ᠤᠷ ᠣᠷᠣᠵᠤ ᠬᠣᠲᠠᠨ ᠤ᠋ ᠳᠣᠲᠣᠷᠠᠬᠢ ᠬᠥᠭᠰᠢᠨ ᠵᠠᠯᠠᠭᠤ ᠶ᠋ᠢ ᠦᠯᠡᠳᠡᠭᠡᠯ ᠦᠭᠡᠢ ᠰᠢᠶᠠ ᠤᠯᠤᠰ ᠲᠤᠷ ᠬᠥᠭᠡᠭᠡᠨ ᠠᠪᠠᠴᠢᠮᠤᠢ ᠬᠡᠮᠡᠬᠦᠢ ᠳ᠋ᠦ᠍ᠷ ᠬᠣᠲᠠᠨ ᠤ᠋ ᠣᠯᠠᠨ ᠢᠷᠭᠡᠨ ᠪᠠᠶᠠᠨ ᠶᠠᠳᠠᠩᠭᠢ ᠬᠠᠮᠲᠤ ᠪᠠᠷ ᠰᠣᠴᠢᠵᠤ ᠶᠠᠭᠠᠷᠠᠨ ᠬᠠᠭᠠᠯᠭ᠎ᠠ ᠶ᠋ᠢ ᠪᠤᠯᠢᠶᠠᠨ ᠭᠠᠷᠬᠤᠢ ᠳ᠋ᠤᠷ ᠬᠠᠭᠠᠯᠭ᠎ᠠ ᠶ᠋ᠢᠨ ᠴᠡᠷᠢᠭ ᠬᠡᠳᠦᠢᠨᠡᠢ ᠮᠥᠨ ᠳᠤᠲᠠᠭᠠᠬᠤ ᠠᠷᠠᠳ ᠯᠤᠭ᠎ᠠ ᠬᠠᠮᠲᠤ ᠴᠠᠩ ᠶᠠᠩ ᠬᠣᠲᠠ ᠶ᠋ᠢᠨ ᠵᠦᠭ ᠪᠤᠷᠤᠭᠤᠯᠠᠨ ᠡᠴᠢᠪᠡ᠃ ᠵᠢᠴᠢ ᠡᠳᠦᠷ ᠯᠢ ᠽᠦᠨ ᠰᠢᠦᠢ ᠶᠡᠬᠡ ᠴᠡᠷᠢᠭ ᠢ᠋ ᠠᠪᠴᠤ ᠶᠠᠪᠤᠭᠰᠠᠭᠠᠷ ᠴᠠᠩ ᠶᠠᠩ ᠬᠣᠲᠠᠨ ᠳ᠋ᠤᠷ ᠬᠦᠷᠲᠡᠯ᠎ᠡ ᠵᠣᠪᠠᠯᠠᠩ ᠠ᠋ᠴᠠ ᠵᠠᠢᠯᠠᠭᠰᠠᠨ ᠢᠷᠭᠡᠨ ᠬᠡᠳᠦᠢᠨᠡᠢ ᠬᠣᠲᠠᠨ ᠳ᠋ᠤ᠌ ᠣᠷᠣᠵᠤ ᠡᠴᠢᠬᠦᠢ ᠳ᠋ᠦ᠍ᠷ ᠮᠥᠨ ᠴᠡᠷᠢᠭ ᠬᠣᠯᠢᠯᠴᠠᠨ ᠣᠷᠣᠵᠤ ᠬᠣᠲᠠᠨ ᠤ᠋ ᠬᠠᠭᠠᠯᠭ᠎ᠠ ᠶ᠋ᠢᠨ ᠠᠰᠠᠷ ᠲᠤᠷ ᠠᠪᠠᠷᠢᠵᠤ ᠬᠣᠲᠠᠨ ᠢ᠋ ᠦᠵᠡᠵᠦ ᠠᠲᠠᠯ᠎ᠠ ᠴᠠᠩ ᠶᠠᠩ ᠤ᠋ᠨ ᠳ᠋ᠤ᠌ ᠱᠸᠦ ᠲᠦᠰᠢᠮᠡᠯ ᠡᠦ ᠹᠦ ᠡᠨᠡ ᠡᠳᠦᠷ ᠯᠢ ᠽᠦᠨ ᠰᠢᠦᠢ ᠶ᠋ᠢᠨ ᠴᠡᠷᠢᠭ ᠪᠠᠢᠯᠳᠤᠷ᠎ᠠ ᠢᠷᠡᠬᠦ ᠶ᠋ᠢ ᠰᠣᠨᠣᠰᠤᠨ᠂ ᠣᠯᠠᠨ ᠲᠦᠰᠢᠮᠡᠳ ᠴᠡᠷᠢᠭ ᠢ᠋ᠶ᠋ᠡᠨ ᠠᠪᠴᠤ ᠬᠣᠲᠠ ᠶ᠋ᠢᠨ ᠬᠡᠷᠡᠮ ᠢ᠋ ᠪᠡᠬᠢᠯᠡᠵᠦ ᠬᠠᠳᠠᠭᠠᠯᠠᠨ ᠬᠦᠯᠢᠶᠡᠬᠦᠶ᠎ᠡ᠂ ᠰᠢᠶᠠ ᠤᠯᠤᠰ ᠤ᠋ᠨ ᠴᠡᠷᠢᠭ ᠬᠦᠷᠴᠦ ᠢᠷᠡᠭᠡᠳ ᠬᠦᠷᠢᠶ᠎ᠡ ᠪᠠᠭᠤᠵᠤ᠂ ᠰᠥᠨᠢ ᠭᠤᠷᠪᠠᠨ ᠵᠢᠩ ᠦ᠋ᠨ ᠦᠶ᠎ᠡ ᠳ᠋ᠦ᠍ᠷ ᠬᠣᠲᠠᠨ ᠤ᠋ ᠭᠠᠳᠠᠨ᠎ᠠ ᠭᠡᠨᠡᠳᠲᠡ ᠶᠡᠬᠡ ᠭᠠᠯ ᠲᠦᠯᠡᠵᠦ᠂ ᠭᠡᠷᠡᠯ ᠭᠠᠷᠤᠮᠠᠭᠴᠠ ᠬᠣᠲᠠ ᠶ᠋ᠢᠨ ᠡᠮᠦᠨ᠎ᠡ ᠬᠠᠭᠠᠯᠭ᠎ᠠ ᠳ᠋ᠤᠷ ᠮᠥᠨ ᠭᠡᠷᠡᠯ ᠭᠠᠯ ᠮᠠᠨᠳᠤᠵᠤ᠂ ᠣᠯᠠᠨ ᠴᠡᠷᠢᠭ ᠦᠢᠮᠡᠯᠳᠦᠨ ᠬᠠᠭᠠᠯᠭ᠎ᠠ ᠰᠠᠬᠢᠭᠰᠠᠨ ᠴᠡᠷᠢᠭ ᠢ᠋ ᠬᠡᠳᠦᠢᠨᠡᠢ ᠴᠠᠪᠴᠢᠨ ᠠᠯᠠᠵᠤ᠂ ᠬᠠᠭᠠᠯᠭ᠎ᠠ ᠶ᠋ᠢ ᠳᠣᠲᠣᠷ᠎ᠠ ᠠ᠋ᠴᠠ ᠨᠡᠭᠡᠭᠡᠵᠦ ᠥᠭᠭᠦᠭᠡᠳ ᠮᠣᠩᠭᠣᠯ ᠤ᠋ᠨ ᠰᠢᠶᠠ ᠤᠯᠤᠰ ᠤ᠋ᠨ ᠴᠡᠷᠢᠭ ᠬᠣᠲᠠᠨ ᠳ᠋ᠤᠷ ᠣᠷᠣᠵᠤ ᠢᠷᠡᠭᠡᠳ ᠳᠥᠷᠪᠡᠨ ᠬᠠᠭᠠᠯᠭ᠎ᠠ ᠶ᠋ᠢ ᠡᠵᠡᠯᠡᠵᠦ ᠰᠢᠶᠠ ᠤᠯᠤᠰ ᠤ᠋ᠨ ᠴᠡᠷᠢᠭ ᠱᠠᠯᠠᠮᠠᠭᠠᠢᠯᠠᠨ ᠳ᠋ᠤ᠌ ᠱᠸᠦ ᠲᠦᠰᠢᠮᠡᠯ ᠦ᠋ᠨ ᠶᠠᠮᠤᠨ ᠢ᠋ ᠬᠠᠭᠠᠵᠤ᠂ ᠡᠦ ᠹᠦ ᠶ᠋ᠢ ᠠᠮᠢᠳᠤ ᠪᠠᠷᠢᠵᠤ ᠯᠢ ᠽᠦᠨ ᠰᠢᠦᠢ ᠳ᠋ᠦ᠍ᠷ ᠡᠷᠭᠦᠪᠡ᠃ ᠯᠢ ᠽᠦᠨ ᠰᠢᠦᠢ ᠦᠵᠡᠪᠡᠰᠦ ᠴᠢᠷᠠᠢ ᠳᠦᠭᠦᠷᠡᠩ ᠵᠠᠯᠢᠬᠠᠢ ᠰᠢᠨᠵᠢ ᠲᠡᠢ ᠲᠤᠯᠠ ᠭᠠᠭᠴᠠ ᠲᠡᠭᠦᠨ ᠢ᠋ ᠠᠯᠠᠭᠠᠳ ᠵᠠᠭᠤᠨ ᠣᠪᠣᠭᠲᠠᠨ ᠢ᠋ ᠢᠯᠪᠢᠨ ᠲᠣᠭᠲᠠᠭᠠᠵᠤ᠂ ᠴᠡᠷᠢᠭ ᠢ᠋ ᠢᠷᠭᠡᠨ ᠯᠦ᠍ᠭᠡ ᠬᠠᠯᠳᠠᠬᠤ ᠦᠭᠡᠢ ᠪᠣᠯᠭᠠᠵᠤ᠂ᠴᠠᠭᠠᠵᠠ ᠵᠠᠷᠯᠠᠨ᠂ ᠤᠷᠤᠭᠰᠢ ᠢᠷᠡᠵᠦ ᠬᠠᠭᠠᠯᠭ᠎ᠠ ᠨᠡᠭᠡᠭᠡᠭᠰᠡᠨ ᠴᠡᠷᠢᠭ ᠦ᠋ᠳ ᠢ᠋ ᠬᠦᠨᠳᠦᠳᠡ ᠱᠠᠩᠨᠠᠵᠤ᠂ ᠮᠣᠤ ᠠᠨ ᠤ᠋ ᠲᠦᠩ ᡁᠢ ᠰᠦᠸᠧ ᠱᠢ ᠶ᠋ᠢ ᠳᠠᠭᠤᠳᠠᠨ ᠮᠣᠤ ᠠᠨ ᠤ᠋ ᠢᠷᠭᠡᠨ ᠢ᠋ ᠪᠠᠢᠴᠠᠭᠠᠨ ᠲᠣᠭᠲᠠᠭ᠎ᠠ ᠭᠡᠮᠡᠨ ᠡᠭᠡᠭᠦᠯᠪᠡ᠃ ᠡᠭᠦᠨ ᠳ᠋ᠦ᠍ᠷ ᠰᠠᠶᠢ ᠬᠣᠶᠠᠷ ᠬᠣᠲᠠ ᠶ᠋ᠢᠨ ᠢᠷᠭᠡᠨ ᠮᠣᠩᠭᠣᠯ ᠤ᠋ᠨ ᠰᠢᠶᠠ ᠤᠯᠤᠰ ᠤ᠋ᠨ ᠬᠠᠭᠤᠷᠮᠠᠭ ᠠᠷᠭ᠎ᠠ ᠬᠡᠷᠡᠭᠯᠡᠨ ᠬᠣᠶᠠᠷ ᠬᠣᠲᠠᠨ ᠢ᠋ ᠠᠪᠤᠭᠰᠠᠨ ᠢ᠋ ᠮᠠᠰᠢ ᠭᠠᠢᠬᠠᠯᠳᠤᠪᠠᠢ᠃ 
       ᠲᠡᠳᠦᠢ ᠯᠢ ᠽᠦᠨ ᠰᠢᠦᠢ ᠶᠠᠭᠠᠷᠠᠨ ᠬᠣᠶᠠᠷ ᠬᠣᠲᠠᠨ ᠢ᠋ ᠠᠪᠤᠭᠰᠠᠨ ᠢ᠋ᠶ᠋ᠠᠨ ᠮᠣᠩᠭᠣᠯ ᠤ᠋ᠨ ᠬᠠᠭᠠᠨ ᠳ᠋ᠤᠷ ᠠᠢᠯᠠᠳᠬᠠᠨ ᠶᠠᠪᠤᠭᠤᠯᠵᠤ᠂ ᠬᠣᠶᠠᠷ ᠬᠣᠲᠠᠨ ᠤ᠋ ᠵᠠᠪᠰᠠᠷ᠎ᠠ ᠴᠡᠷᠢᠭ ᠢ᠋ ᠰᠠᠭᠤᠯᠭᠠᠨ ᠠᠮᠤᠭᠤᠯᠵᠤ᠂ ᠬᠠᠷᠢᠭᠤ ᠵᠠᠷᠯᠢᠭ ᠢ᠋ ᠬᠦᠯᠢᠶᠡᠮᠦᠢ᠃ ᠡᠨᠡ ᠰᠡᠳᠬᠦᠯ ᠪᠢᠴᠢᠭ ᠢ᠋ ᠴᠢᠩᠭᠢᠰ ᠬᠠᠭᠠᠨ ᠦᠵᠡᠵᠦ᠂ ᠮᠠᠰᠢ ᠰᠠᠢᠰᠢᠶᠠᠨ ᠱᠠᠩᠨᠠᠬᠤ ᠵᠠᠷᠯᠢᠭ ᠬᠦᠷᠴᠦ ᠢᠷᠡᠪᠡ᠃ ᠵᠠᠷᠯᠢᠭ ᠤ᠋ᠨ ᠪᠢᠴᠢᠭ ᠢ᠋ ᠮᠥᠷᠭᠥᠨ ᠦᠵᠡᠵᠦ᠂ ᠴᠡᠷᠢᠭ ᠢ᠋ ᠠᠮᠤᠭᠤᠯᠵᠤ ᠨᠠᠮᠤᠷ ᠤ᠋ᠨ ᠲᠡᠷᠢᠭᠦᠨ ᠰᠠᠷ᠎ᠠ ᠶ᠋ᠢᠨ ᠰᠡᠭᠦᠯ ᠢ᠋ᠶ᠋ᠡᠷ ᠤᠷᠤᠭᠰᠢ ᠣᠷᠣᠬᠤ ᠶ᠋ᠢ ᠪᠡᠯᠡᠳᠭᠡ ᠬᠡᠮᠡᠵᠦᠬᠦᠢ᠃ 
       ᠲᠡᠳᠦᠢ ᠯᠢ ᠽᠦᠨ ᠰᠢᠦᠢ᠂ ᠰᠦᠸᠧ ᠱᠢ ᠶ᠋ᠢᠨ ᠭᠠᠪᠢᠶ᠎ᠠ ᠳ᠋ᠤᠷ ᠱᠠᠩᠨᠠᠭᠰᠠᠨ ᠬᠠᠭᠠᠨ ᠤ᠋ ᠱᠠᠩ ᠢ᠋ ᠥᠭᠭᠦᠭᠰᠡᠨ ᠳ᠋ᠦ᠍ᠷ ᠡᠷᠭᠦᠮᠵᠢᠯᠡᠯ ᠢ᠋ ᠬᠦᠯᠢᠶᠡᠨ ᠬᠠᠭᠠᠨ ᠤ᠋ ᠵᠦᠭ ᠬᠠᠨᠳᠤᠵᠤ ᠬᠡᠰᠢᠭ ᠲᠣᠷ ᠮᠥᠷᠭᠥᠪᠡ᠃ ᠠᠯᠲᠠᠨ ᠤᠯᠤᠰ ᠵᠡᠭᠦᠨ ᠬᠣᠢᠢᠲᠤ᠎ᠡᠴᠡ ᠯᠢᠶᠣᠤ ᠳ᠋ᠦᠩ ᠦ᠋ᠨ ᠴᠡᠷᠢᠭ᠂ ᠪᠠᠷᠠᠭᠤᠨ ᠬᠣᠢᠲᠤ ᠠ᠋ᠴᠠ ᠰᠢᠶᠠ ᠤᠯᠤᠰ ᠤ᠋ᠨ ᠴᠡᠷᠢᠭ᠂ ᠴᠢᠬᠡ ᠬᠣᠢᠨ᠎ᠠ ᠠ᠋ᠴᠠ ᠶᠡᠬᠡ ᠮᠣᠩᠭᠣᠯ ᠤ᠋ᠨ ᠴᠡᠷᠢᠭ ᠡᠨᠡ ᠭᠤᠷᠪᠠᠨ ᠵᠠᠮ ᠤ᠋ᠨ ᠶᠡᠬᠡ ᠴᠡᠷᠢᠭ ᠲᠦ᠍ᠷ ᠮᠠᠰᠢ ᠭᠠᠴᠢᠭᠳᠠᠵᠤ᠂ ᠸᠧᠢ ᠱᠣᠣ ᠸᠠᠩ ᠶᠦᠩ ᠵᠶ᠋ᠢ ᠠᠷᠭ᠎ᠠ ᠦᠭᠡᠢ ᠠᠩᠬᠠᠨ ᠤ᠋ ᠴᠡᠷᠢᠭ ᠳᠠᠷᠤᠭᠳᠠᠵᠤ᠂ ᠰᠢ ᠵᠢᠩ ᠢ᠋ ᠠᠪᠲᠠᠭᠰᠠᠨ ᠳ᠋ᠤᠷ ᠬᠤ᠌ ᠱᠠ ᠬᠤ᠌᠂ᠴᠢ ᠱᠢ ᠯᠢᠶᠠᠨ ᠬᠣᠶᠠᠭᠤᠯᠠ ᠶ᠋ᠢ ᠬᠡᠷᠡᠭᠯᠡᠵᠦ᠂ ᠪᠠᠷᠠᠭᠤᠨ ᠡᠲᠡᠭᠡᠳ ᠦ᠋ᠨ ᠳᠡᠳ᠋ ᠶᠤᠸᠠᠨᠱᠤᠸᠠᠢ ᠪᠣᠯᠭᠠᠨ ᠪᠠᠷᠠᠭᠤᠨ ᠬᠣᠢᠲᠤ ᠡᠲᠡᠭᠡᠳ ᠢ᠋ ᠰᠠᠬᠢᠭᠤᠯᠤᠷ᠎ᠠ ᠢᠯᠡᠭᠡᠭᠰᠡᠨ ᠳ᠋ᠦ᠍ᠷ ᠠᠯᠲᠠᠨ ᠤᠯᠤᠰ ᠤ᠋ᠨ ᠴᠧᠩᠱᠢᠶᠠᠩ ᠳᠦ ᠱᠠᠨ ᠢ᠂ ᠬᠤ᠌ ᠱᠠ ᠬᠤ᠌ ᠤᠷᠪᠠᠬᠤ ᠰᠢᠨᠵᠢ ᠪᠣᠢ᠂ ᠲᠡᠳᠡᠨ ᠢ᠋ ᠬᠡᠷᠡᠭᠯᠡᠵᠦ ᠦᠯᠦ ᠪᠣᠯᠬᠤ ᠭᠡᠮᠡᠨ ᠬᠣᠷᠢᠭᠯᠠᠲᠠᠯ᠎ᠠ ᠦᠭᠡ ᠠᠪᠤᠭᠰᠠᠨ ᠦᠭᠡᠢ᠃ ᠬᠤ᠌ ᠱᠠ ᠬᠤ᠌ ᠴᠡᠷᠢᠭ ᠦ᠋ᠨ ᠬᠡᠷᠡᠭ ᠢ᠋ ᠥᠴᠦᠬᠡᠨ ᠴᠦ᠍ ᠬᠡᠷᠡᠭᠰᠡᠬᠦ ᠦᠭᠡᠢ ᠪᠡᠷ ᠦᠯᠦ ᠪᠠᠷᠠᠨ᠂ ᠬᠠᠷᠢᠨ ᠲᠡᠭᠦᠨ ᠦ᠌ ᠨᠢᠭᠡᠨ ᠨᠠᠮ ᠤ᠋ᠨ ᠸᠠᠨ ᠶᠠᠨ ᠴᠢᠶᠠᠨ ᠨᠦ᠍᠂ ᠵᠢᠴᠢ ᠯᠢᠦ ᠶ᠋ᠢᠨ᠂ ᠪᠠᠰᠠ ᠡᠦ ᠬᠦ᠌ ᠯᠦᠨ ᠳ᠋ᠦᠸᠧ ᠯᠡ᠂ ᠳ᠋ᠦ᠍ ᠱᠠᠨ᠂ ᠤ᠋ ᠱᠸᠦ ᠨᠠᠷ ᠤ᠋ᠨ ᠵᠡᠷᠭᠡ ᠶ᠋ᠢᠨ ᠠᠷᠠᠳ ᠢ᠋ ᠠᠪᠴᠤ ᠬᠠᠷᠠᠬᠠᠨ ᠠᠪᠠ ᠰᠢᠪᠠᠭᠤ ᠬᠢᠵᠦ ᠵᠢᠷᠭᠠᠬᠤᠢ ᠳ᠋ᠤᠷ ᠠᠯᠲᠠᠨ ᠤ᠋ ᠡᠵᠡᠨ ᠸᠧᠢ ᠱᠣᠣ ᠸᠠᠩ – ᠶᠦᠩ ᠵᠢᠢ ᠰᠣᠨᠣᠰᠴᠤ ᠶᠡᠬᠡᠯ᠎ᠡ ᠠᠭᠤᠷᠯᠠᠨ ᠪᠤᠷᠤᠭᠤᠰᠢᠶᠠᠵᠤ᠂ ᠡᠯᠴᠢ ᠵᠠᠷᠤᠭᠰᠠᠨ ᠳ᠋ᠤᠷ ᠬᠤ᠌ ᠱᠠ ᠬᠤ᠌ ᠠᠩᠬᠠᠨ ᠠ᠋ᠴᠠ ᠤᠷᠪᠠᠬᠤ ᠰᠠᠨᠠᠬ᠎ᠠ ᠲᠠᠢ ᠪᠠᠢᠢᠭᠰᠠᠨ ᠲᠤᠯᠠ ᠡᠳᠦᠭᠡ ᠨᠢᠭᠡᠨᠲᠡ ᠪᠤᠷᠤᠭᠤᠰᠢᠶᠠᠭᠰᠠᠨ ᠳ᠋ᠤᠷ ᠨᠡᠢᠯᠡᠭᠦᠯᠦᠨ ᠲᠡᠳᠡᠨ ᠦ᠌ ᠨᠢᠭᠡᠨ ᠨᠠᠮ ᠢ᠋ ᠠᠪᠴᠤ ᠶᠠᠭᠠᠷᠠᠨ ᠶᠠᠨ ᠵᠢᠩ ᠬᠣᠲᠠ ᠶ᠋ᠢᠨ ᠵᠦᠭ ᠠᠯᠠᠨ ᠢᠷᠡᠬᠦᠢ ᠳ᠋ᠦ᠍ᠷ᠂ ᠮᠣᠩᠭᠣᠯ ᠤ᠋ᠨ ᠴᠡᠷᠢᠭ ᠶᠠᠨ ᠵᠢᠩ ᠬᠣᠲᠠ ᠶ᠋ᠢᠨ ᠬᠣᠢᠲᠤ ᠬᠠᠭᠠᠯᠭ᠎ᠠ ᠪᠠᠷ ᠢᠷᠡᠪᠡ ᠭᠡᠮᠡᠨ ᠶᠠᠨ ᠵᠢᠩ ᠬᠣᠲᠠ ᠶ᠋ᠢᠨ ᠵᠡᠭᠦᠨ ᠪᠠᠷᠠᠭᠤᠨ ᠡᠮᠦᠨ᠎ᠡ ᠭᠤᠷᠪᠠᠨ ᠬᠠᠭᠠᠯᠭ᠎ᠠ ᠪᠠᠷ ᠣᠷᠣᠪᠠ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠴᠧᠩᠱᠢᠶᠠᠩ ᠳ᠋ᠤ᠌ ᠱᠠᠨ ᠢ᠂ ᠶᠠᠨ ᠵᠢᠩ ᠬᠣᠲᠠ ᠳ᠋ᠤᠷ ᠦᠭᠡᠢ᠂ᠭᠠᠳᠠᠨ᠎ᠠ ᠪᠤᠰᠤ ᠠᠯᠪᠠᠨ᠎ᠠ ᠭᠠᠷᠤᠭᠰᠠᠨ ᠠᠵᠤᠭᠤ᠃ 
       ᠲᠡᠳᠦᠢ ᠳ᠋ᠦ᠍ ᠱᠠᠨ ᠢ ᠮᠣᠷᠢᠨ ᠠ᠋ᠴᠠ ᠤᠨᠠᠵᠤ ᠬᠥᠯ ᠬᠤᠭᠤᠷᠠᠨ ᠰᠤᠪᠢᠯᠠᠵᠤ ᠪᠦᠬᠦᠢ ᠳ᠋ᠦ᠍ᠷ ᠶᠠᠭᠠᠷᠠᠨ ᠳᠠᠮᠨᠠᠭᠤᠯᠤᠨ ᠶᠠᠨ ᠵᠢᠩ ᠬᠣᠲᠠ ᠳ᠋ᠤᠷ ᠢᠷᠠᠪᠠᠰᠤ᠂ ᠬᠤ᠌ ᠱᠠ ᠬᠤ᠌ ᠶ᠋ᠢᠨ ᠴᠡᠷᠢᠭ ᠨᠢᠭᠡᠨᠲᠡ ᠶᠠᠨ ᠵᠢᠩ ᠦ᠋ᠨ ᠳᠣᠲᠣᠷ᠎ᠠ ᠬᠥᠨᠳᠡᠯᠡᠨ ᠭᠤᠯᠳᠤ ᠰᠠᠮᠠᠭᠤᠷᠠᠨ ᠵᠣᠷᠢᠭ ᠢ᠋ᠶ᠋ᠠᠷ ᠪᠣᠯᠵᠤ᠂ ᠪᠠᠰᠠ ᠨᠠᠨ ᠪᠠ ᠸᠠᠨ ᠶᠠᠨ ᠱᠢ ᠬᠦ᠌ ᠨᠠᠷ ᠢ᠋ ᠰᠥᠯᠪᠡᠭᠡᠨ ᠳ᠋ᠦ᠍ᠷ ᠣᠷᠣᠭᠤᠯᠵᠤ᠂ ᠬᠤᠸᠠᠩ ᠮᠸᠨ ᠲᠦᠰᠢᠮᠡᠯ ᠶ᠋ᠢᠡᠷ ᠶᠦᠩ ᠵᠢᠢ ᠶ᠋ᠢᠨ ᠶᠡᠬᠡ ᠹᠦ ᠿᠸᠨ ᠵᠠᠩ ᠱᠢ ᠡᠴᠡ ᠲᠠᠮᠠᠭ᠎ᠠ ᠶ᠋ᠢ ᠠᠪᠤᠭᠤᠯᠤᠷ᠎ᠠ ᠣᠷᠤᠭᠤᠯᠤᠭᠰᠠ ᠳ᠋ᠤᠷ ᠵᠠᠩ ᠱᠢ ᠬᠠᠷᠢᠶᠠᠨ ᠦᠬᠦᠪᠡᠴᠦ ᠥᠭᠬᠦ ᠦᠭᠡᠢ ᠭᠡᠮᠡᠨ ᠬᠡᠯᠡᠭᠰᠡᠨ ᠳ᠋ᠦ᠍ᠷ ᠬᠤ᠌ ᠱᠠ ᠬᠤ᠌ ᠬᠣᠷᠢᠭᠠᠳ ᠴᠡᠷᠢᠭ ᠦ᠋ᠨ ᠠᠷᠠᠳ ᠢ᠋ ᠳᠠᠭᠠᠭᠤᠯᠤᠨ ᠣᠷᠳᠣᠨ ᠳ᠋ᠤᠷ ᠵᠠᠨᠴᠢᠨ ᠣᠷᠣᠵᠤ᠂ ᠹᠧᠢ – ᠵᠠᠩ ᠱᠢ ᠶ᠋ᠢ ᠵᠠᠨᠴᠢᠵᠤ ᠤᠯᠤᠰ ᠤᠯᠠᠮᠵᠢᠯᠠᠬᠤ ᠲᠠᠮᠠᠭ᠎ᠠ ᠶ᠋ᠢ ᠪᠤᠯᠢᠶᠠᠨ ᠠᠪᠴᠤ ᠢᠷᠡᠪᠡ᠃ 
       ᠲᠡᠳᠦᠢ ᠴᠧᠩᠱᠢᠶᠠᠩ ᠳ᠋ᠤ᠌ ᠱᠠᠨ ᠢ ᠬᠠᠭᠠᠨ ᠳ᠋ᠤᠷ ᠤᠴᠠᠷᠠᠰᠤᠭᠠᠢ ᠭᠡᠮᠡᠨ ᠬᠦᠷᠪᠡᠰᠦ᠂ ᠣᠷᠳᠣᠨ ᠤ᠋ ᠠᠷᠠᠳ ᠥᠭᠦᠯᠡᠷᠦᠨ : 《ᠴᠧᠩᠱᠢᠶᠠᠩ ᠣᠷᠣᠵᠤ ᠪᠣᠯᠬᠤ ᠦᠭᠡᠢ ᠪᠣᠯᠪᠠ᠂ ᠬᠤ᠌ ᠱᠠ ᠬᠤ᠌ ᠨᠢᠭᠡᠨᠲᠡ ᠤᠷᠪᠠᠵᠤ ᠶᠡᠬᠡ ᠴᠡᠷᠢᠭ ᠢ᠋ᠶ᠋ᠡᠷ ᠰᠠᠬᠢᠭᠤᠯᠵᠤ ᠠᠮᠤᠢ᠂ ᠬᠡᠨ ᠣᠷᠣᠪᠠᠰᠤ ᠬᠡᠨ ᠢ᠋ ᠠᠯᠠᠮᠤᠢ 》ᠬᠡᠮᠡᠭᠰᠡᠨ ᠳ᠋ᠦ᠍ᠷ᠂ ᠴᠧᠩᠱᠢᠶᠠᠩ ᠠᠷᠭ᠎ᠠ ᠦᠭᠡᠢ ᠨᠢᠯᠪᠤᠰᠤ ᠤᠨᠠᠭᠠᠨ ᠡᠭᠡᠬᠦᠢ ᠳ᠋ᠦ᠍ᠷ ᠦᠨᠡᠬᠡᠷ ᠪᠠᠷᠢᠬᠤ ᠴᠡᠷᠢᠭ ᠢᠷᠡᠭᠰᠡᠨ ᠳ᠋ᠦ᠍ᠷ ᠲᠦ᠍ ᠱᠠᠨ ᠢ ᠬᠠᠷᠢᠶᠠᠵᠤ ᠭᠡᠷ ᠲᠦ᠍ᠷ ᠢ᠋ᠶ᠋ᠡᠨ ᠣᠷᠣᠪᠠ᠃ 
       ᠲᠡᠳᠦᠢ ᠬᠤ᠌ ᠱᠠ ᠬᠤ᠌ ᠬᠠᠭᠠᠨ ᠤ᠋ ᠳᠡᠷᠭᠡᠳᠡᠬᠢ ᠢ ᠽᠢ ᠵᠦᠩ ᠬᠡᠮᠡᠬᠦ ᠡᠷᠬᠡᠲᠦ ᠲᠠᠢᠭᠠᠨ ᠢ᠋ ᠣᠷᠣᠭᠤᠯᠵᠤ ᠠᠪᠤᠭᠠᠳ ᠲᠡᠭᠦᠨ ᠢ᠋ ᠬᠠᠭᠠᠨ ᠢ᠋ ᠠᠯᠠᠵᠤ ᠲᠣᠯᠣᠭᠠᠢ ᠶ᠋ᠢ ᠨᠠᠳᠠ ᠳ᠋ᠤᠷ ᠦᠵᠡᠭᠦᠯ᠂ ᠪᠢ ᠤᠯᠤᠰ ᠤ᠋ᠨ ᠡᠷᠬᠡ ᠶ᠋ᠢ ᠨᠡᠢᠭᠡᠮᠯᠡᠭᠰᠡᠨ ᠬᠣᠢᠨ᠎ᠠ ᠴᠢᠮᠠᠶ᠋ᠢ ᠲᠡᠷᠢᠭᠦᠨ ᠵᠡᠷᠭᠡ ᠶ᠋ᠢᠨ ᠾᠧᠦ ᠡᠷᠭᠦᠮᠵᠢᠯᠡᠵᠦ᠂ ᠦᠶ᠎ᠡ ᠤᠯᠠᠷᠢᠲᠠᠯ᠎ᠠ ᠪᠠᠶᠠᠨ ᠡᠷᠬᠢᠮ ᠪᠣᠯᠭᠠᠰᠤᠭᠠᠢ ᠬᠡᠮᠡᠭᠰᠡᠨ ᠳᠠᠷᠤᠢ ᠨᠠᠢ᠍ᠮᠠᠨ ᠰᠠᠷ᠎ᠠ ᠳ᠋ᠤ᠌ ᠲᠠᠢᠭᠠᠨ ᠢ ᠽᠢ ᠵᠦᠩ ᠴᠡᠷᠢᠭ ᠠᠪᠤᠨ ᠣᠷᠣᠵᠤ ᠸᠧᠢ ᠱᠣᠣ ᠸᠠᠩ ᠢ᠋ ᠬᠣᠷᠢᠭᠰᠠᠨ ᠳ᠋ᠤᠷ᠂ ᠸᠧᠢ ᠱᠣᠣ ᠸᠠᠩ ᠶᠡᠬᠡᠯ᠎ᠡ ᠴᠢᠬᠤᠯᠳᠠᠨ ᠰᠠᠶᠢ ᠣᠷᠳᠣᠨ ᠠ᠋ᠴᠠ ᠳᠤᠲᠠᠭᠠᠨ ᠭᠠᠷᠬᠤᠢ ᠳ᠋ᠤᠷ ᠲᠠᠢᠭᠠᠨ ᠢ ᠽᠢ ᠵᠦᠩ ᠴᠡᠷᠢᠭ ᠢ᠋ᠶ᠋ᠡᠷ ᠬᠣᠷᠢᠵᠤ ᠪᠠᠷᠢᠪᠠ᠃ ᠶᠦᠩ ᠶ᠋ᠢᠢ ᠲᠩᠷᠢ ᠶ᠋ᠢ ᠬᠠᠨᠳᠤᠵᠤ ᠥᠭᠦᠯᠡᠷᠦᠨ : 《ᠡᠨᠡ ᠪᠣᠭᠣᠯᠴᠤᠳ ᠤ᠋ᠨ ᠡᠨᠡ ᠮᠡᠲᠦ ᠶ᠋ᠢ ᠮᠡᠳᠡᠭᠰᠡᠨ ᠪᠥᠭᠡᠰᠦ᠂ ᠪᠢ ᠬᠡᠳᠦᠢᠢᠨᠢ ᠮᠣᠩᠭᠣᠯ ᠤ᠋ᠨ ᠴᠢᠩᠭᠢᠰ ᠬᠠᠭᠠᠨ ᠳ᠋ᠤᠷ ᠳᠠᠭᠠᠭᠰᠠᠨ ᠪᠥᠭᠡᠰᠦ ᠬᠠᠷᠢᠨ ᠡᠨᠡ ᠵᠡᠷᠭᠡ ᠳ᠋ᠦ᠍ᠷ ᠬᠦᠷᠬᠦ ᠦᠭᠡᠢ ᠪᠥᠯᠥᠭᠡ᠃ ᠬᠡᠳᠦᠢ ᠰᠡᠮᠡᠬᠡᠷ ᠭᠡᠨᠡᠳᠡᠭᠳᠡᠭᠰᠡᠨ ᠪᠣᠯᠪᠠᠴᠤ ᠴᠢᠩᠭᠢᠰ ᠬᠠᠭᠠᠨ ᠦᠰ ᠢ᠋ ᠠᠪᠴᠤ ᠥᠭᠬᠦ ᠪᠥᠯᠥᠭᠡ ! 》 ᠬᠡᠮᠡᠬᠦᠢ ᠳ᠋ᠦ᠍ᠷ ᠲᠠᠢᠭᠠᠨ ᠢ ᠽᠢ ᠵᠦᠩ ᠵᠢᠬᠡᠭᠦᠨ ᠢ᠋ᠶ᠋ᠡᠷ ᠢᠨᠢᠶᠡᠵᠦ ᠥᠭᠦᠯᠡᠷᠦᠨ : 《 ᠴᠢᠨᠦ ᠲᠡᠷᠡ ᠮᠣᠩᠭᠣᠯ ᠡᠴᠢᠭᠡ ᠴᠢᠨᠦ ᠬᠡᠷᠬᠢᠨ ᠴᠢᠮᠠᠶ᠋ᠢ ᠠᠪᠤᠷᠠᠨ ᠴᠢᠳᠠᠬᠤ ? 》 ᠭᠡᠮᠡᠨ ᠨᠢᠭᠡᠨᠲᠡ ᠴᠠᠪᠴᠢᠵᠤ᠂ ᠲᠣᠯᠣᠭᠠᠢ ᠶ᠋ᠢ ᠠᠪᠴᠤ ᠰᠢᠷ᠎ᠠ ᠸᠠᠳᠠᠩ ᠳ᠋ᠤᠷ ᠪᠠᠭᠯᠠᠵᠤ ᠪᠡᠶ᠎ᠡ ᠶ᠋ᠢ ᠢᠨᠤ ᠣᠷᠳᠣᠨ ᠤ᠋ ᠤᠰᠤᠨ ᠰᠤᠪᠠᠭ ᠲᠤᠷ ᠬᠢᠵᠦ᠂ ᠲᠣᠯᠣᠭᠠᠢ ᠶ᠋ᠢ ᠬᠤ᠌ ᠱᠠ ᠬᠤ᠌ ᠳ᠋ᠤᠷ ᠡᠷᠭᠦᠭᠰᠡᠨ ᠳ᠋ᠦ᠍ᠷ ᠬᠤ᠌ ᠱᠠ ᠬᠤ᠌ ᠬᠡᠳᠦᠢᠨᠡᠢ ᠮᠡᠳᠡᠭᠡ ᠶ᠋ᠢ ᠰᠣᠨᠣᠰᠤᠭᠰᠠᠨ ᠲᠤᠯᠠ ᠰᠡᠳᠬᠢᠯ ᠵᠢᠷᠦᠬᠡᠨ ᠦ᠌ ᠬᠥᠮᠦᠨ ᠡᠦ ᠬᠦ᠌ ᠯᠦᠨ ᠳ᠋ᠥ᠋ᠸᠸ ᠯᠡ ᠶ᠋ᠢ ᠵᠠᠮ ᠲᠤᠰᠤᠭᠤᠯᠤᠨ᠂ ᠲᠠᠢᠭᠠᠨ ᠢ ᠽᠢ ᠵᠦᠩ ᠢ᠋ 《ᠡᠵᠡᠨ ᠢ᠋ ᠠᠯᠠᠭᠰᠠᠨ ᠶᠠᠯᠠᠲᠤ ᠪᠣᠭᠣᠯ 》 ᠭᠡᠮᠡᠨ ᠠᠯᠠᠭᠤᠯᠪᠠ᠃ ᠡᠨᠡ ᠢᠨᠤ ᠬᠤ᠌ ᠱᠠ ᠬᠤ᠌ ᠶ᠋ᠢᠨ ᠵᠠᠯᠢᠬᠠᠢ ᠠᠷᠭ᠎ᠠ ᠪᠠᠷ ᠶᠠᠯ᠎ᠠ ᠶ᠋ᠢ ᠲᠦᠯᠬᠢᠬᠦ ᠬᠡᠷᠡᠭ᠂ ᠶᠦᠩ ᠵᠶ᠋ᠢ ᠪᠠᠢᠨ ᠪᠠᠢᠨ ᠴᠢᠩᠭᠢᠰ ᠬᠠᠭᠠᠨ ᠢ᠋ ᠠᠢᠰᠤᠢ ᠬᠡᠮᠡᠭᠰᠡᠭᠡᠷ ᠦᠬᠦᠪᠡ᠃ ᠵᠢᠴᠢ ᠡᠳᠦᠷ ᠨᠥᠬᠥᠷ ᠰᠡᠯᠲᠡ ᠢᠨᠤ ᠶᠠᠰᠤᠨ ᠢ᠋ ᠬᠣᠷᠢᠶᠠᠨ ᠮᠣᠩᠭᠣᠯ ᠳ᠋ᠤᠷ ᠣᠷᠣᠰᠢᠭᠤᠯᠪᠠ᠃ 
       ᠲᠡᠨᠳᠡᠴᠡ ᠬᠤ᠌ ᠱᠠ ᠬᠤ᠌ ᠣᠯᠠᠨ ᠨᠠᠮ ᠤ᠋ᠨ ᠨᠢᠭᠡᠨ ᠰᠦᠷᠦᠭ ᠢ᠋ᠶ᠋ᠡᠨ ᠴᠤᠭᠯᠠᠭᠤᠯᠤᠨ᠂ ᠲᠥᠷᠥ ᠳ᠋ᠦ᠍ᠷ ᠭᠠᠷᠴᠤ ᠶᠦᠩ ᠵᠢᠢ ᠶ᠋ᠢᠨ ᠥᠩᠭᠡᠷᠡᠭᠰᠡᠨ ᠦ᠌ ᠶᠠᠯ᠎ᠠ ᠶ᠋ᠢ ᠬᠡᠯᠡᠯᠴᠡᠨ᠂ ᠵᠡᠷᠭᠡ ᠶ᠋ᠢ ᠢᠨᠤ ᠪᠠᠭᠤᠷᠠᠭᠤᠯᠵᠤ᠂ ᠺᠧᠦ ᠳ᠋ᠦᠩ ᠳ᠋ᠦᠩ ᠬᠠᠢ ᠵᠢᠶᠦ᠋ᠨ ᠾᠧᠦ ᠭᠡᠮᠡᠨ ᠡᠷᠭᠦᠵᠦ᠂ ᠡᠮ᠎ᠡ ᠦᠷ᠎ᠡ ᠶ᠋ᠢ ᠢᠨᠦ ᠣᠷᠳᠣᠨ ᠳ᠋ᠤᠷ ᠬᠣᠷᠢᠵᠤ᠂ ᠢᠯᠳᠦ ᠪᠠᠷᠢᠨ ᠵᠠᠭᠤᠨ ᠲᠦᠰᠢᠮᠡᠳ ᠢ᠋ ᠬᠤᠷᠢᠶᠠᠵᠤ᠂ ᠰᠢᠨ᠎ᠡ ᠬᠠᠭᠠᠨ ᠪᠠᠢᠭᠤᠯᠬᠤ ᠶ᠋ᠢ ᠵᠥᠪᠳᠡ ᠬᠡᠮᠡᠭᠰᠡᠨ ᠳ᠋ᠦ᠍ᠷ ᠣᠯᠠᠨ ᠲᠦᠰᠢᠮᠡᠳ ᠠᠶᠤᠨ ᠴᠡᠴᠡᠷᠡᠨ ᠵᠥᠪᠳᠡᠵᠦ᠂ᠸᠧᠢ ᠱᠣᠣ ᠸᠠᠩ ᠤ᠋ᠨ ᠠᠬ᠎ᠠ ᠸᠠᠨ ᠶᠠᠨ ᠵᠢᠩ ᠦ᠋ᠨ ᠳᠡᠭᠦᠦ ᠱᠧᠩ ᠸᠠᠩ ᠸᠠᠨ ᠶᠠᠨ ᠰᠢᠶᠦ᠋ᠨ ᠢ᠋ ᠡᠷᠭᠦᠪᠡᠰᠦ ᠵᠣᠬᠢᠮᠤᠢ ᠬᠡᠮᠡᠭᠰᠡᠨ ᠳ᠋ᠦ᠍ᠷ ᠬᠤ᠌ ᠱᠠ ᠬᠤ᠌ ᠠᠷᠭ᠎ᠠ ᠦᠭᠡᠢ ᠪᠠ ᠵᠧᠦ ᠬᠣᠲᠠᠨ ᠠ᠋ᠴᠠ ᠤᠭᠲᠤᠨ ᠠᠴᠢᠷᠠᠵᠤ ᠬᠠᠭᠠᠨ ᠰᠠᠭᠤᠯᠭᠠᠭᠠᠳ ᠣᠨ ᠤ᠋ ᠨᠡᠷ᠎ᠡ ᠶ᠋ᠢ ᠬᠠᠯᠠᠵᠤ ᠵᠸᠨ ᠢᠦ ᠶ᠋ᠢᠨ ᠲᠡᠷᠢᠭᠦᠨ ᠣᠨ ᠬᠡᠮᠡᠪᠡ᠃ ᠥᠪᠡᠷ ᠦ᠋ᠨ ᠪᠡᠶ᠎ᠡ ᠪᠡᠨ ᠶᠡᠬᠡ ᠲᠠᠢᠰᠢ ᠪᠥᠭᠡᠳ ᠱᠠᠩ ᠱᠤ᠌ ᠯᠢᠩ ᠳ᠋ᠦ᠍ ᠶᠤᠸᠠᠨᠱᠤᠸᠠᠢ ᠪᠣᠯᠤᠭᠠᠳ ᠪᠠᠰᠠ ᠸᠧᠢ ᠸᠠᠩ ᠭᠡᠮᠡᠨ ᠡᠷᠭᠦᠪᠡ᠃ ᠡᠨᠡ ᠮᠡᠳᠡᠭᠡ ᠶ᠋ᠢ ᠮᠣᠩᠭᠣᠯ ᠤ᠋ᠨ ᠬᠠᠭᠠᠨ ᠰᠣᠨᠣᠰᠴᠤ ᠬᠤ᠌ ᠱᠠ ᠬᠤ᠌ ᠶ᠋ᠢ ᠡᠷᠬᠡᠪᠰᠢ ᠠᠯᠠᠮᠤᠢ ᠭᠡᠮᠡᠨ ᠭᠤᠷᠪᠠᠨ ᠠᠩᠭᠢ ᠴᠡᠷᠢᠭ ᠲᠦ᠍ᠷ ᠤᠷᠤᠭᠰᠢ ᠣᠷᠣᠬᠤ ᠵᠠᠷᠯᠢᠭ ᠪᠠᠭᠤᠯᠭᠠᠭᠠᠳ ᠳᠠᠷᠤᠢ ᠡᠮᠦᠨ᠎ᠡ ᠵᠦᠭ ᠣᠷᠣᠵᠤ ᠢᠷᠡᠭᠡᠳ ᠭᠦᠸᠧ ᠳᠡ ᠹᠦ ᠬᠣᠲᠠᠨ ᠢ᠋ ᠬᠠᠭᠠᠵᠤ ᠲᠠᠪᠤᠨ ᠡᠳᠦᠷ ᠪᠠᠢᠯᠳᠤᠭᠰᠠᠨ ᠳ᠋ᠤᠷ ᠬᠣᠲᠠᠨ ᠤ᠋ ᠢᠷᠭᠡᠨ᠂ ᠬᠣᠲᠠ ᠰᠠᠬᠢᠭᠰᠠᠨ ᠡᠵᠡᠨ ᠢ᠋ ᠠᠯᠠᠵᠤ ᠬᠣᠲᠠᠨ ᠤ᠋ ᠬᠠᠭᠠᠯᠭ᠎ᠠ ᠪᠠᠨ ᠨᠡᠭᠡᠭᠡᠵᠦ ᠳᠠᠭᠠᠪᠠ᠃ ᠲᠡᠳᠦᠢ ᠣᠯᠠᠨ ᠴᠡᠷᠢᠭ ᠢ᠋ ᠣᠷᠣᠭᠰᠢ ᠱᠠᠭᠠᠷᠳᠠᠨ᠂ ᠳᠠᠩ ᠵᠢᠶᠠᠩ  ᠹᠦ ᠬᠣᠲᠠᠨ ᠳ᠋ᠤᠷ ᠬᠦᠷᠴᠦ ᠢᠷᠠᠪᠠᠰᠤ᠂ ᠡᠦ ᠴᠢ ᠨᠡᠷᠡᠲᠦ ᠵᠠᠩᠵᠤᠨ ᠬᠣᠲᠠ ᠪᠠᠨ ᠦᠬᠦᠨ ᠰᠠᠬᠢᠵᠤ ᠠᠪᠲᠠᠬᠤ ᠦᠭᠡᠢ ᠳ᠋ᠦ᠍ᠷ ᠮᠥᠨ ᠬᠦ᠌ ᠳᠥᠷᠪᠡᠳᠦᠭᠡᠷ ᠲᠠᠢᠽᠢ ᠲᠣᠯᠢ᠂  ᠹᠦ ᠮᠠ᠋ ᠴᠡᠴᠡᠭ ᠬᠣᠶᠠᠭᠤᠯᠠ ᠣᠯᠠᠨ ᠴᠡᠷᠢᠭ ᠢ᠋ ᠴᠢᠩᠳᠠ ᠴᠠᠭᠠᠵᠠᠯᠠᠨ ᠰᠥᠨᠢ ᠪᠡᠷ ᠳᠥᠷᠪᠡᠨ ᠵᠦᠭ ᠡᠴᠡ ᠪᠠᠢᠯᠳᠤᠭᠠᠳ ᠬᠣᠢᠲᠤ ᠬᠠᠭᠠᠯᠭ᠎ᠠ ᠪᠠᠷ ᠡᠭᠦᠯᠡᠨ ᠱᠠᠲᠤ ᠲᠠᠯᠪᠢᠨ᠂ ᠪᠠᠰᠠ ᠡᠮᠦᠨ᠎ᠡ ᠬᠠᠭᠠᠯᠭ᠎ᠠ ᠪᠠᠷ ᠬᠣᠶᠠᠷ ᠱᠠᠲᠤ ᠲᠦᠯᠬᠢᠨ ᠭᠠᠷᠭᠠᠵᠤ᠂ ᠲᠡᠷᠢᠭᠦᠨ ᠳ᠋ᠦ᠍ᠷ ᠲᠠᠢᠽᠢ ᠲᠣᠯᠢ᠂ ᠹᠦ ᠮᠠ᠋ ᠴᠡᠴᠡᠭ ᠬᠣᠶᠠᠭᠤᠯᠠ ᠵᠥᠪᠯᠡᠵᠦ᠂ ᠴᠡᠷᠢᠭ ᠳᠠᠭᠠᠭᠤᠯᠤᠨ ᠮᠥᠨ ᠱᠠᠲᠤ ᠪᠠᠷ ᠳᠠᠪᠠᠵᠤ ᠬᠣᠲᠠᠨ ᠳ᠋ᠤᠷ ᠣᠷᠣᠭᠠᠳ ᠬᠠᠭᠠᠯᠭ᠎ᠠ ᠰᠠᠬᠢᠬᠤ ᠴᠡᠷᠢᠭ ᠢ᠋ ᠴᠠᠪᠴᠢᠨ ᠠᠯᠠᠵᠤ ᠰᠠᠷᠨᠢᠭᠤᠯᠤᠨ᠂ ᠲᠠᠢᠽᠢ᠂ ᠹᠦ ᠮᠠ᠋ ᠨᠠᠷ ᠡᠮᠦᠨ᠎ᠡ ᠬᠠᠭᠠᠯᠭ᠎ᠠ ᠶ᠋ᠢ ᠨᠡᠭᠡᠭᠡᠵᠦ ᠣᠯᠠᠨ ᠴᠡᠷᠢᠭ ᠢ᠋ ᠤᠳᠤᠷᠢᠳᠤᠨ ᠣᠷᠣᠭᠤᠯᠪᠠ᠃ ᠡᠨᠡ ᠦᠶ᠎ᠡ ᠳ᠋ᠦ᠍ᠷ ᠬᠠᠭᠠᠨ ᠤ᠋ ᠭᠡᠭᠡᠨ ᠮᠡᠳᠡᠬᠦ ᠦᠭᠡᠢ᠂ ᠬᠣᠢᠨ᠎ᠠ ᠬᠣᠲᠠ ᠶ᠋ᠢ ᠠᠪᠤᠪᠠ ᠬᠡᠮᠡᠭᠰᠡᠨ ᠳ᠋ᠦ᠍ᠷ ᠰᠠᠶᠢ ᠲᠣᠯᠢ᠂ ᠴᠡᠴᠡᠭ ᠬᠣᠶᠠᠭᠤᠯᠠ ᠶ᠋ᠢᠨ ᠤᠷᠤᠭᠰᠢᠯᠠᠨ ᠬᠣᠲᠠᠨ ᠢ᠋ ᠳᠠᠪᠠᠭᠰᠠᠨ ᠢ᠋ ᠰᠣᠨᠣᠰᠴᠤ ᠬᠠᠭᠠᠨ ᠤ᠋ ᠭᠡᠭᠡᠨ ᠬᠥᠪᠡᠭᠦᠨ ᠢ᠋ᠶ᠋ᠡᠨ ᠰᠠᠢᠰᠢᠶᠠᠨ ᠥᠭᠦᠯᠡᠷᠦᠨ : 《ᠡᠨᠡ ᠬᠣᠶᠠᠷ ᠦᠨᠡᠬᠡᠷ ᠮᠢᠨᠦ ᠭᠡᠷ ᠦ᠋ᠨ ᠳᠣᠲᠣᠷᠠᠬᠢ ᠡᠮᠡᠭᠡᠯ ᠬᠠᠵᠠᠭᠠᠷ ᠤ᠋ᠨ ᠬᠦᠯᠦᠭ ᠪᠣᠯᠠᠢ᠃ ᠲᠡᠢᠨ ᠪᠣᠯᠪᠠᠴᠤ ᠬᠣᠵᠢᠮ ᠤ᠋ᠨ ᠡᠳᠦᠷ ᠡᠨᠡ ᠮᠡᠲᠦ ᠶᠠᠪᠤᠬᠤ ᠪᠠᠨ ᠴᠡᠭᠡᠷᠯᠡᠨ ᠪᠠᠢᠯᠳᠤᠪᠠᠰᠤ ᠲᠦᠮᠡᠨ ᠳ᠋ᠦ᠍ᠷ ᠪᠦᠷᠢᠨ᠂ ᠪᠡᠶ᠎ᠡ ᠪᠤᠰᠠᠨᠢᠬᠤ ᠪᠠᠷ ᠡᠰᠡ ᠶᠠᠪᠤᠵᠤ ᠴᠢᠳᠠᠪᠠᠰᠤ ᠴᠣᠬᠣᠮ ᠬᠦ᠌ ᠰᠠᠢᠨ ᠡᠷ᠎ᠡ ᠪᠤᠶᠤ᠂ ᠦᠬᠦᠵᠦ ᠲᠡᠪᠴᠢᠬᠦᠢ ᠳ᠋ᠦ᠍ᠷ ᠭᠠᠵᠠᠷ ᠪᠣᠢ᠂ ᠨᠢᠭᠡᠨ ᠬᠣᠲᠠᠨ ᠳ᠋ᠤᠷ ᠪᠡᠶ᠎ᠡ ᠲᠡᠪᠴᠢᠵᠦ ᠦᠯᠦ ᠪᠣᠯᠬᠤ !》ᠭᠡᠮᠡᠨ ᠰᠤᠷᠭᠠᠵᠤ᠂ᠬᠣᠲᠠᠨ ᠳ᠋ᠤᠷ ᠣᠷᠣᠵᠤ ᠶᠠᠮᠤᠨ ᠳ᠋ᠤᠷ ᠰᠠᠭᠤᠭᠠᠳ ᠴᠡᠷᠢᠭ ᠢᠷᠭᠡᠨ ᠢ᠋ ᠪᠠᠢᠴᠠᠭᠠᠨ ᠦᠵᠡᠬᠦᠢ ᠳ᠋ᠦ᠍ᠷ ᠮᠤᠬᠤᠯᠢ ᠬᠣᠲᠠ ᠰᠠᠬᠢᠭᠰᠠᠨ ᠡᠦ ᠴᠢ ᠶ᠋ᠢ ᠬᠡᠳᠦᠢᠨᠡᠢ ᠪᠠᠷᠢᠵᠤ ᠬᠦᠯᠢᠭᠡᠳ ᠲᠦᠯᠬᠢᠨ ᠠᠪᠴᠢᠷᠠᠵᠤ ᠰᠥᠭᠥᠳᠬᠡᠭᠰᠡᠨ ᠳ᠋ᠦ᠍ᠷ ᠬᠠᠭᠠᠨ ᠵᠠᠷᠯᠢᠭ ᠪᠣᠯᠵᠤ ᠠᠰᠠᠭᠤᠷᠤᠨ : 《ᠮᠢᠨᠦ ᠡᠰᠡᠷᠭᠦ ᠪᠠᠢᠯᠳᠤᠭᠰᠠᠨ ᠪᠦᠬᠦᠨ ᠢ᠋ ᠪᠢ ᠦᠯᠦ ᠬᠡᠯᠲᠦᠷᠢᠭᠦᠯᠬᠦ ᠶ᠋ᠢ ᠴᠢ ᠡᠰᠡ ᠮᠡᠳᠡᠪᠡ ᠤᠤ ? ᠶᠠᠭᠤᠨ ᠳ᠋ᠤᠷ ᠡᠢᠮᠦ ᠵᠠᠮ ᠢ᠋ᠶ᠋ᠠᠷ ᠶᠠᠪᠤᠪᠠ ?》ᠡᠦ ᠴᠢ ᠬᠠᠭᠠᠨ ᠳ᠋ᠤᠷ ᠮᠥᠷᠭᠥᠵᠦ ᠠᠮᠢ ᠶ᠋ᠢ ᠬᠡᠯᠲᠦᠷᠢᠭᠦᠯ ᠭᠡᠮᠡᠨ ᠭᠤᠶᠤᠬᠤᠢ ᠳ᠋ᠤᠷ ᠬᠠᠭᠠᠨ ᠥᠭᠦᠯᠡᠷᠦᠨ : 《ᠡᠨᠡ ᠪᠣᠭᠣᠯ ᠢ᠋ ᠡᠨᠡ ᠡᠳᠦᠷ ᠲᠠᠯᠪᠢᠪᠠᠰᠤ ᠮᠠᠷᠭᠠᠲᠠ ᠳᠠᠷᠤᠢ ᠤᠷᠭᠤᠮᠤᠢ᠃ ᠲᠡᠢᠨ ᠪᠣᠯᠪᠠᠴᠤ ᠨᠢᠭᠡᠨ ᠬᠤᠯᠤᠭᠠᠨ᠎ᠠ ᠮᠡᠲᠦ ᠪᠣᠭᠣᠯ ᠶᠠᠭᠤᠨ ᠢ᠋ ᠴᠢᠳᠠᠬᠤ ? ᠲᠡᠭᠦᠨ ᠢ᠋ ᠲᠠᠯᠪᠢᠵᠤ ᠶᠠᠪᠤᠭᠤᠯ ! 》 ᠭᠡᠮᠡᠨ ᠲᠠᠯᠪᠢᠵᠤ ᠶᠠᠪᠤᠭᠤᠯᠤᠭᠰᠠᠨ ᠳ᠋ᠤᠷ ᠡᠦ ᠴᠢ ᠮᠥᠨ ᠡᠴᠢᠪᠡ᠃ ᠳᠠᠷᠤᠢ ᠣᠯᠠᠨ ᠴᠡᠷᠢᠭ ᠢ᠋ ᠱᠠᠩᠨᠠᠵᠤ ᠳᠠᠷᠤᠢ ᠣᠷᠣᠭᠰᠢ ᠣᠷᠣᠬᠤᠢ ᠳ᠋ᠤᠷ ᠠᠯᠲᠠᠨ ᠤᠯᠤᠰ ᠤ᠋ᠨ ᠸᠠᠩ ᠶᠧ ᠭᠠᠩ᠂ ᠴᠧᠩᠰᠢᠶᠠᠩ ᠬᠤ᠌ ᠱᠠ ᠬᠤ᠌ ᠶ᠋ᠢᠨ ᠰᠠᠮᠠᠭᠤᠨ ᠳ᠋ᠤᠷ ᠶᠠᠭᠠᠷᠠᠨ ᠴᠡᠷᠢᠭ ᠠᠪᠤᠨ ᠶᠠᠨ ᠵᠢᠩ ᠳ᠋ᠦ᠍ᠷ ᠬᠦᠷᠴᠦ ᠢᠷᠠᠪᠠᠰᠤ᠂ ᠰᠠᠮᠠᠭᠤᠨ ᠨᠡᠩᠳᠡ ᠳᠡᠭᠳᠡᠵᠦ᠂ ᠮᠣᠩᠭᠣᠯ ᠤ᠋ᠨ ᠴᠡᠷᠢᠭ ᠪᠠᠰᠠ ᠬᠤᠸᠠᠢ ᠯᠢ ᠳ᠋ᠦ᠍ᠷ ᠬᠦᠷᠴᠦ ᠢᠷᠡᠭᠰᠡᠨ ᠲᠤᠯᠠ ᠶᠠᠭᠠᠷᠠᠨ ᠵᠣ᠌ ᠬᠤ᠌ ᠭᠣᠣ ᠴᠢ ᠯᠦ᠍ᠭᠡ ᠨᠡᠢᠯᠡᠵᠦ ᠬᠣᠷᠢᠨ ᠲᠦᠮᠡᠨ ᠴᠡᠷᠢᠭ ᠢ᠋ᠶ᠋ᠡᠷ ᠰᠢᠦᠢ ᠭᠤᠸᠠᠨ ᠢ᠋ ᠭᠠᠷᠴᠤ ᠲᠤᠰᠬᠤᠢ ᠳ᠋ᠤᠷ ᠴᠢᠪᠬᠢᠲᠡᠯ᠎ᠡ ᠴᠢᠩᠭᠢᠰ ᠬᠠᠭᠠᠨ ᠤ᠋ ᠶᠡᠬᠡ ᠴᠡᠷᠢᠭ ᠲᠦ᠍ᠷ ᠤᠴᠠᠷᠠᠮᠠᠭᠴᠠ ᠠᠯᠲᠠᠨ ᠤ᠋ ᠴᠡᠷᠢᠭ ᠲᠣᠯᠣᠭᠠᠢ ᠡᠪᠡᠳᠴᠦ ᠵᠢᠷᠦᠬᠡ ᠬᠡᠮᠬᠡᠷᠡᠨ ᠤᠷᠤᠭᠰᠢᠯᠠᠨ ᠣᠷᠣᠬᠤ ᠦᠭᠡᠢ ᠪᠦᠬᠦᠢ ᠳ᠋ᠦ᠍ᠷ ᠮᠤᠬᠤᠯᠢ ᠴᠠᠭᠠᠵᠠ ᠵᠠᠷᠯᠠᠨ ᠴᠡᠷᠢᠭ ᠢ᠋ ᠲᠦᠮᠡᠨ ᠬᠣᠮᠤᠰᠤᠲᠤ ᠯᠤᠤ ᠶ᠋ᠢᠨ ᠵᠢᠭᠰᠠᠭᠠᠯ ᠬᠤᠪᠢᠯᠭᠠᠵᠤ᠂ ᠵᠢᠭᠰᠠᠭᠠᠯ ᠪᠦᠷᠢ ᠳ᠋ᠦ᠍ᠷ ᠠᠶᠤᠩᠭ᠎ᠠ ᠮᠡᠲᠦ ᠬᠡᠩᠭᠡᠷᠭᠡ ᠴᠣᠬᠢᠭᠤᠯᠤᠨ ᠳᠠᠷᠤᠨ ᠣᠷᠣᠵᠤ ᠢᠷᠡᠭᠰᠡᠨ ᠳ᠋ᠦ᠍ᠷ ᠵᠣ᠌ ᠬᠤ᠌ ᠭᠣᠣ ᠴᠢ ᠲᠤᠯᠤᠨ ᠴᠢᠳᠠᠬᠤ ᠦᠭᠡᠢ ᠪᠡᠭᠲᠡᠷᠦᠨ ᠳᠤᠲᠠᠭᠠᠬᠤᠢ ᠳ᠋ᠤᠷ ᠮᠣᠩᠭᠣᠯ ᠤ᠋ᠨ ᠴᠡᠷᠢᠭ ᠡᠳᠦᠷ ᠰᠥᠨᠢ ᠦᠭᠡᠢ ᠪᠠᠢᠯᠳᠤᠬᠤᠶ᠎ᠠ᠂ ᠠᠯᠲᠠᠨ ᠤ᠋ ᠴᠡᠷᠢᠭ ᠦ᠋ᠨ ᠦᠬᠦᠭᠰᠡᠨ ᠢᠨᠤ ᠳᠥᠴᠢᠨ ᠭᠠᠵᠠᠷ ᠢᠯᠡᠭᠦᠦ᠂ ᠬᠥᠮᠦᠨ ᠮᠣᠷᠢᠨ ᠶᠠᠪᠤᠵᠤ ᠪᠣᠯᠬᠤ ᠦᠭᠡᠢ ᠪᠣᠯᠵᠤᠬᠤᠢ᠃ ᠡᠭᠦᠨ ᠳ᠋ᠦ᠍ᠷ ᠮᠤᠬᠤᠯᠢ ᠥᠭᠦᠯᠡᠷᠦᠨ :《 ᠡᠨᠡ ᠬᠢᠲᠠᠳ ᠨᠠᠷ ᠮᠠᠨ ᠤ᠋ ᠠᠪᠤᠭᠰᠠᠨ ᠬᠣᠲᠠ ᠪᠦᠷᠢ ᠶ᠋ᠢ ᠡᠷᠬᠡᠪᠰᠢ ᠴᠥᠮ ᠳᠠᠬᠢᠨ ᠰᠠᠬᠢᠭᠤᠯᠵᠤ᠂ ᠮᠠᠨ ᠢ᠋ ᠵᠢᠯ ᠪᠦᠷᠢ ᠵᠣᠪᠠᠭᠠᠬᠤ ᠲᠤᠯᠠ ᠡᠨᠡ ᠵᠢᠯ ᠣᠳᠣ ᠰᠠᠢᠲᠤᠷ ᠡᠰᠡ ᠵᠠᠯᠬᠠᠭᠠᠪᠠᠰᠤ ᠪᠣᠯᠬᠤ ᠦᠭᠡᠢ ! 》 ᠭᠡᠮᠡᠨ ᠳᠠᠬᠢᠨ ᠬᠠᠷᠠᠩᠭ᠎ᠠ ᠴᠣᠬᠢᠭᠤᠯᠵᠤ᠂ ᠵᠢᠭᠰᠠᠭᠠᠯ ᠢ᠋ ᠬᠤᠪᠢᠯᠭᠠᠨ ᠠᠵᠢᠨᠠᠢ ᠮᠣᠷᠢᠨ ᠤ᠋ ᠵᠢᠭᠰᠠᠭᠠᠯ ᠢ᠋ᠶ᠋ᠠᠷ ᠵᠣ᠌ ᠬᠤ᠌ ᠭᠣᠣ ᠴᠢ ᠶ᠋ᠢ ᠬᠥᠭᠡᠭᠡᠨ ᠠᠯᠠᠵᠤ ᠶᠠᠪᠤᠭᠰᠠᠭᠠᠷ ᠬᠦ᠌ ᠪᠧᠢ ᠺᠧᠦ – ᠮᠣᠯᠲᠣᠰᠢ ᠬᠠᠭᠠᠯᠭ᠎ᠠ ᠬᠦᠷᠲᠡᠯ᠎ᠡ ᠬᠥᠭᠡᠭᠡᠵᠦ ᠠᠯᠠᠭᠠᠳ ᠲᠡᠳᠡᠭᠡᠷ ᠣᠯᠠᠨ ᠪᠡᠷᠬᠡ ᠬᠠᠪᠴᠢᠯ ᠢ᠋ ᠭᠠᠷᠲᠠᠯ᠎ᠠ ᠨᠡᠬᠡᠵᠦ ᠴᠠᠪᠴᠢᠶᠠᠯ ᠪᠣᠭᠣᠮᠲᠠ ᠳ᠋ᠤᠷ ᠬᠦᠷᠪᠡᠰᠦ᠂ ᠠᠯᠲᠠᠨ ᠤᠯᠤᠰ ᠤ᠋ᠨ ᠴᠡᠷᠢᠭ ᠴᠠᠪᠴᠢᠶᠠᠯ ᠪᠣᠭᠣᠮᠲᠠ ᠶ᠋ᠢ ᠪᠠᠰᠠ ᠪᠠᠲᠤᠯᠠᠨ ᠰᠠᠬᠢᠭ᠍ᠰᠠᠨ ᠳ᠋ᠤᠷ ᠬᠣᠲᠠᠨ ᠤ᠋ ᠭᠠᠳᠠᠨ᠎ᠠ ᠬᠦᠳᠡᠷ ᠪᠦᠰᠡ᠂ ᠬᠦᠷᠡᠯ ᠪᠦᠰᠡ ᠬᠣᠶᠠᠷ ᠵᠠᠩᠵᠤᠨ ᠤ᠋ ᠲᠦᠮᠡᠨ ᠴᠡᠷᠢᠭ ᠢ᠋ ᠦᠯᠡᠳᠡᠭᠡᠨ ᠰᠠᠬᠢᠭᠤᠯᠤᠭᠠᠳ ᠬᠠᠭᠠᠨ ᠤ᠋ ᠭᠡᠭᠡᠨ ᠶᠡᠬᠡ ᠴᠡᠷᠢᠭ ᠢ᠋ ᠠᠪᠴᠤ ᠰᠢᠭᠤᠳ ᠽᠢ ᠵᠢᠩ ᠭᠤᠸᠠᠨ ᠪᠣᠭᠣᠮᠲᠠ ᠳ᠋ᠤᠷ ᠳᠣᠪᠲᠣᠯᠤᠨ ᠣᠷᠣᠵᠤ ᠬᠠᠭᠠᠯᠭ᠎ᠠ ᠶ᠋ᠢ ᠪᠤᠯᠢᠶᠠᠨ ᠠᠪᠤᠨ ᠶᠡᠬᠡ ᠴᠡᠷᠢᠭ ᠲᠠᠪᠰᠢᠵᠤ᠂ ᠯᠦ᠍ ᠾᠦᠢ ᠯᠢᠩ ᠳᠠᠪᠠᠭᠠᠨ ᠤ᠋ ᠰᠦᠯᠦ ᠶ᠋ᠢ ᠰᠠᠬᠢᠭᠰᠠᠨ ᠶᠡᠬᠡ ᠵᠠᠩᠵᠤᠨ ᠸᠠᠩ ᠵᠢᠢ ᠳ᠋ᠦ᠍ᠷ ᠤᠴᠠᠷᠠᠵᠤ᠂ ᠯᠦ᠍ ᠾᠦᠢ ᠯᠢᠩ ᠦ᠋ᠨ ᠳᠣᠣᠷ᠎ᠠ ᠮᠣᠩᠭᠣᠯ ᠴᠡᠷᠢᠭ ᠯᠦ᠍ᠭᠡ ᠡᠰᠡᠷᠭᠦᠯᠡᠵᠦ ᠬᠦᠷᠢᠶ᠎ᠡ ᠪᠠᠭᠤᠨ ᠪᠠᠢᠯᠳᠤᠵᠤ᠂ ᠭᠤᠷᠪᠠᠨ ᠡᠳᠦᠷ ᠪᠣᠯᠤᠭᠰᠠᠨ ᠳ᠋ᠤᠷ ᠬᠠᠭᠠᠨ ᠥᠭᠦᠯᠡᠷᠦᠨ :《ᠪᠢ ᠴᠡᠷᠢᠭ ᠠᠪᠴᠤ ᠠᠯᠲᠠᠨ ᠤᠯᠤᠰ ᠢ᠋ ᠬᠠᠯᠳᠠᠵᠤ ᠪᠠᠢᠯᠳᠤᠬᠤᠢ ᠳ᠋ᠤᠷ ᠵᠠᠩᠵᠤᠨ ᠲᠤᠯᠤᠯᠴᠠᠨ ᠪᠠᠢᠯᠳᠤᠭᠰᠠᠨ ᠠᠨᠤ ᠡᠨᠡ ᠨᠢᠭᠡᠨ ᠤᠳᠠᠭ᠎ᠠ ᠭᠠᠷᠪᠠ᠃ ᠰᠠᠨᠠᠪᠠᠴᠤ ᠡᠨᠡ ᠸᠠᠩ ᠶ᠋ᠢᠢ ᠬᠡᠮᠡᠭᠴᠢ ᠯᠠᠪ ᠬᠢᠲᠠᠳ ᠤ᠋ᠨ ᠳᠣᠲᠣᠷ᠎ᠠ ᠪᠠᠭᠠᠲᠤᠷ ᠡᠷ᠎ᠡ ᠪᠣᠢ ‍ᠶ᠎ᠠ᠂ ᠡᠭᠦᠨ ᠢ᠋ ᠳᠠᠭᠠᠭᠤᠯᠤᠨ ᠠᠪᠤᠪᠠᠰᠤ ᠬᠠᠷᠢᠨ ᠮᠠᠨ ᠤ᠋ ᠤᠯᠤᠰ ᠲᠤᠷ ᠲᠤᠰᠠ ᠪᠣᠯᠬᠤ ᠦᠭᠡᠢ ᠬᠡᠮᠡᠮᠦᠢ ᠦᠦ ?》 ᠬᠡᠮᠡᠭᠰᠡᠨ ᠳ᠋ᠦ᠍ᠷ ᠮᠤᠬᠤᠯᠢ ᠠᠢᠯᠠᠳᠬᠠᠷᠤᠨ :《ᠬᠠᠭᠠᠨ ᠡᠵᠡᠨ ᠦ᠌ ᠰᠡᠳᠬᠢᠯ ᠲᠦᠰᠢᠮᠡᠯ ᠮᠢᠨᠦ ᠰᠠᠨᠠᠭᠠᠨ ᠯᠤᠭ᠎ᠠ ᠠᠳᠠᠯᠢ ᠪᠣᠯᠪᠠ᠃ ᠬᠠᠷᠠᠬᠠᠨ ᠰᠠᠷᠲᠠᠭᠴᠢᠨ ᠤ᠋ ᠠᠮᠪᠠᠭᠠᠢ ᠬᠠᠭᠠᠨ ᠪᠣᠭᠳᠠ ᠡᠵᠡᠨ ᠯᠦ᠍ᠭᠡ ᠪᠠᠢᠯᠳᠤᠵᠤ ᠪᠠᠬᠠᠨ ᠬᠦᠴᠦᠯᠡᠭᠰᠡᠨ ᠳ᠋ᠦ᠍ᠷ ᠭᠠᠷ ᠡᠨᠳᠡᠵᠦ ᠦᠬᠦᠵᠦᠬᠦᠢ᠃ ᠡᠨᠡ ᠸᠠᠩ ᠵᠢᠢ ᠶ᠋ᠢ ᠰᠠᠢᠳ ᠪᠢ ᠭᠠᠷᠴᠤ ᠪᠠᠷᠢᠰᠤᠭᠠᠢ!》ᠭᠡᠮᠡᠨ ᠵᠢᠴᠢ ᠡᠳᠦᠷ ᠲᠠᠪᠤᠨ ᠪᠠᠷᠰ ᠤ᠋ᠨ ᠵᠠᠩᠵᠤᠨ ᠢ᠋ ᠡᠭᠡᠯᠵᠢᠯᠡᠨ ᠭᠠᠷᠭᠠᠵᠤ ᠪᠠᠢᠯᠳᠤᠭᠤᠯᠤᠭᠰᠠᠭᠠᠷ᠂ ᠵᠠᠪᠰᠠᠷ ᠲᠤᠷ ᠮᠤᠬᠤᠯᠢ ᠥᠪᠡᠷ ᠢ᠋ᠶ᠋ᠡᠨ ᠰᠠᠯᠬᠢᠨ ᠮᠡᠲᠦ ᠳᠣᠪᠲᠣᠯᠤᠨ ᠭᠠᠷᠤᠭᠰᠠᠨ ᠳ᠋ᠤᠷ ᠸᠠᠩ ᠶ᠋ᠢᠢ ᠶᠡᠬᠡᠯ᠎ᠡ ᠰᠡᠵᠢᠭᠯᠡᠵᠦ  ᠵᠢᠳᠠ ᠪᠠᠨ ᠡᠷᠭᠢᠭᠦᠯᠦᠨ ᠢᠷᠡᠬᠦᠢ ᠳ᠋ᠦ᠍ᠷ ᠮᠤᠬᠤᠯᠢ ᠮᠣᠷᠢᠨ ᠤ᠋ ᠳᠡᠭᠡᠷ᠎ᠡ ᠬᠡᠳᠦ ᠬᠡᠳᠦᠨᠲᠡ ᠡᠷᠭᠢᠵᠦ᠂ ᠲᠡᠭᠦᠨ ᠦ᠌ ᠵᠢᠳᠠ ᠶ᠋ᠢ ᠨᠤᠮᠤ ᠶ᠋ᠢᠨ ᠬᠥᠪᠴᠢ ᠪᠡᠷ ᠳᠣᠷᠳᠣᠬᠠᠨ ᠠᠪᠴᠤ ᠥᠪᠡᠷ ᠢ᠋ᠶ᠋ᠡᠨ ᠰᠢᠭᠤᠳ ᠣᠷᠣᠵᠤ ᠸᠠᠩ ᠶ᠋ᠢᠢ ᠶ᠋ᠢ ᠪᠥᠰᠡᠨ ᠡᠴᠡ ᠠᠳᠬᠤᠨ ᠠᠪᠴᠤ ᠳᠡᠭᠡᠭᠰᠢ ᠬᠠᠨᠳᠤᠭᠤᠯᠤᠨ ᠳᠠᠷᠤᠨ ᠤᠨᠠᠭᠠᠵᠤ ᠴᠡᠷᠢᠭ ᠦ᠋ᠨ ᠠᠷᠠᠳ ᠢ᠋ᠶ᠋ᠠᠷ ᠬᠦᠯᠢᠭᠦᠯᠦᠨ ᠶᠡᠬᠡ ᠴᠡᠷᠢᠭ ᠢ᠋ᠶ᠋ᠡᠷ ᠳᠠᠷᠤᠨ ᠣᠷᠣᠭᠰᠠᠨ ᠳ᠋ᠤᠷ ᠠᠯᠲᠠᠨ ᠤᠯᠤᠰ ᠤ᠋ᠨ ᠴᠡᠷᠢᠭ ᠨᠢᠭᠡᠨᠲᠡ ᠰᠥᠰᠥ ᠬᠡᠮᠬᠡᠷᠡᠵᠦ ᠪᠤᠷᠤᠭᠤᠯᠠᠪᠠ᠃ ᠮᠣᠩᠭᠣᠯ ᠤ᠋ᠨ ᠴᠡᠷᠢᠭ ᠨᠡᠬᠡᠵᠦ ᠠᠯᠠᠭᠰᠠᠭᠠᠷ ᠰᠥᠨᠢ ᠬᠠᠷᠠᠩᠭᠤᠢ ᠪᠣᠯᠤᠭᠰᠠᠨ ᠬᠣᠢᠨ᠎ᠠ ᠰᠠᠶᠢ ᠵᠣᠭᠰᠣᠵᠤ᠂ ᠸᠠᠩ ᠵᠢᠢ ᠶ᠋ᠢ ᠬᠦᠯᠢᠵᠦ ᠬᠠᠭᠠᠨ ᠤ᠋ ᠡᠮᠦᠨ᠎ᠡ ᠲᠦᠯᠬᠢᠨ ᠠᠴᠢᠷᠠᠭᠰᠠᠨ ᠳ᠋ᠤᠷ ᠸᠠᠩ ᠶ᠋ᠢᠢ ᠬᠡᠬᠦᠯᠵᠡᠨ ᠵᠣᠭᠰᠣᠵᠤ ᠥᠴᠦᠬᠡᠨ ᠴᠦ᠍ ᠬᠡᠷᠡᠭᠰᠡᠬᠦ ᠦᠭᠡᠢ ᠳ᠋ᠦ᠍ᠷ ᠲᠠᠢᠽᠦ ᠬᠠᠭᠠᠨ ᠮᠦᠰᠢᠶᠡᠨ ᠠᠰᠠᠭᠤᠷᠤᠨ : 《ᠭᠠᠷ ᠲᠠᠢ ᠪᠥᠭᠡᠳ ᠭᠠᠭᠴᠠ ᠬᠥᠮᠦᠨ ᠳ᠋ᠦ᠍ᠷ ᠪᠠᠷᠢᠭᠳᠠᠭᠰᠠᠨ ᠭᠠᠪᠢᠶ᠎ᠠ ᠦᠭᠡᠢ ᠥᠴᠦᠬᠡᠨ ᠵᠠᠩᠵᠤᠨ ᠶᠠᠭᠤᠨ ᠳ᠋ᠤᠷ ᠭᠠᠭᠴᠠᠭᠠᠷ ᠦᠬᠦᠬᠦ ᠡᠴᠡ ᠦᠯᠦ ᠠᠶᠤᠨ ᠮᠢᠨᠦ ᠡᠰᠡᠷᠭᠦ ᠮᠥᠴᠡᠭᠡᠷᠬᠡᠮᠦᠢ ? 》 ᠬᠡᠮᠡᠬᠦᠢ ᠳ᠋ᠦ᠍ᠷ ᠸᠠᠩ ᠶ᠋ᠢᠢ ᠥᠭᠦᠯᠡᠷᠦᠨ : 《ᠪᠢ ᠨᠢᠯᠬ᠎ᠠ ᠪᠠᠭ᠎ᠠ ᠶᠠᠳᠠᠩᠭᠢ ᠳᠣᠣᠷᠠᠲᠤ ᠠ᠋ᠴᠠ ᠠᠯᠲᠠᠨ ᠤᠯᠤᠰ ᠤ᠋ᠨ ᠬᠡᠰᠢᠭ ᠢ᠋ ᠬᠦᠷᠲᠡᠵᠦ᠂ ᠡᠨᠡ ᠶᠡᠬᠡ ᠵᠠᠩᠵᠤᠨ ᠤ᠋ ᠵᠡᠷᠭᠡ ᠬᠣᠪᠢᠨ ᠳ᠋ᠤᠷ ᠬᠦᠷᠦᠭᠰᠡᠨ ᠡᠨᠡ ᠴᠥᠮ ᠤᠯᠤᠰ ᠤ᠋ᠨ ᠬᠡᠰᠢᠭ ᠪᠥᠯᠥᠭᠡ᠃ ᠡᠳᠦᠭᠡ ᠪᠢ ᠤᠯᠤᠰ ᠤ᠋ᠨ ᠲᠥᠯᠥᠭᠡ ᠳᠠᠢᠰᠤᠨ ᠳ᠋ᠤᠷ  ᠪᠠᠷᠢᠭᠳᠠᠵᠤ ᠠᠯᠠᠭᠳᠠᠬᠤ ᠠᠨᠤ ᠡᠨᠡ ᠮᠢᠨᠦ ᠲᠦᠮᠡᠨ ᠦᠶ᠎ᠡ ᠨᠡᠷ᠎ᠡ ᠬᠣᠴᠣᠷᠭᠠᠬᠤ ᠵᠣᠬᠢᠰᠲᠤ ᠰᠠᠢᠨ ᠬᠡᠷᠡᠭ ᠪᠥᠭᠡᠲᠡᠯ᠎ᠡ ᠶᠠᠭᠤᠨ ᠳ᠋ᠤᠷ ᠠᠶᠤᠵᠤ ᠰᠠᠢᠨ ᠨᠡᠷ᠎ᠡ ᠪᠡᠨ ᠪᠤᠵᠠᠷᠯᠠᠮᠤᠢ? 》 ᠬᠡᠮᠡᠬᠦᠢ ᠳ᠋ᠦ᠍ᠷ ᠬᠠᠭᠠᠨ ᠮᠤᠷᠰᠢᠶᠡᠵᠦ  ᠵᠠᠷᠯᠢᠭ ᠪᠣᠯᠤᠷᠤᠨ :《ᠪᠢ ᠠᠯᠲᠠᠨ ᠤᠯᠤᠰ ᠲᠤᠷ ᠢᠷᠡᠭᠰᠡᠨ ᠡᠴᠡ ᠭᠤᠷᠪᠠᠨ ᠵᠢᠯ ᠪᠣᠯᠲᠠᠯ᠎ᠠ ᠴᠢᠮ᠎ᠠ ᠳ᠋ᠤᠷ ᠠᠳᠠᠯᠢ ᠲᠤᠯᠵᠤ ᠪᠠᠢᠯᠳᠤᠭᠰᠠᠨ ᠠᠨᠤ ᠨᠢᠭᠡ ᠴᠦ᠍ ᠭᠠᠷᠤᠭᠰᠠᠨ ᠦᠭᠡᠢ ᠲᠤᠯᠠ ᠴᠢᠮᠠᠢ ᠲᠣᠭᠣᠮᠰᠠᠷᠯᠠᠨ ᠬᠦᠰᠡᠵᠦ ᠶᠤᠸᠠᠨᠱᠤᠸᠠᠢ ᠳ᠋ᠤᠷ ᠬᠡᠯᠡᠵᠦ᠂ ᠠᠮᠢᠳᠤ ᠪᠠᠷᠢᠭᠰᠠᠨ ᠠᠨᠤ ᠮᠥᠨ ᠬᠦ᠌ ᠴᠢᠨᠦ ᠡᠷᠳᠡᠮ ᠢ᠋ ᠬᠠᠢᠷᠠᠯᠠᠨ ᠶᠡᠬᠡ ᠬᠡᠷᠡᠭ ᠢ᠋ ᠪᠦᠲᠦᠭᠡᠯᠭᠡᠵᠦ᠂ ᠨᠡᠷ᠎ᠡ ᠶ᠋ᠢ ᠴᠢᠨᠢ ᠬᠥᠬᠡ ᠰᠤᠳᠤᠷ ᠲᠤᠷ ᠦᠯᠡᠳᠡᠭᠡᠰᠦᠭᠡᠢ ᠬᠡᠮᠡᠭᠰᠡᠨ ᠪᠥᠯᠥᠭᠡ᠂ ᠪᠤᠷᠤᠭᠤᠳᠠᠭᠰᠠᠨ ᠠᠯᠲᠠᠨ ᠤᠯᠤᠰ ᠤ᠋ᠨ ᠥᠪᠡᠷ ᠵᠠᠭᠤᠷ᠎ᠠ ᠪᠠᠨ ~ ᠡᠴᠢᠭᠡ ᠬᠥᠪᠡᠭᠦᠨ ᠠᠬ᠎ᠠ ᠳᠡᠭᠦᠦ ᠡᠵᠡᠨ ᠲᠦᠰᠢᠮᠡᠯ ᠪᠣᠭᠣᠯ ᠵᠠᠷᠤᠳᠠᠰᠤᠨ ᠬᠠᠷᠢᠯᠴᠠᠨ ᠠᠯᠠᠯᠳᠤᠵᠤ ᠪᠠᠢᠬᠤ ᠳ᠋ᠤᠷ ᠲᠡᠭᠦᠨ ᠦ᠌ ᠡᠮᠦᠨ᠎ᠡ ᠦᠬᠦᠭᠡᠳ ᠶᠠᠮᠪᠠᠷ ᠰᠠᠢᠨ ᠨᠡᠷ᠎ᠡ ᠪᠠᠢᠬᠤ ? ᠰᠠᠢᠨ ᠡᠷ᠎ᠡ ᠬᠡᠮᠡᠭᠴᠢ ᠵᠥᠪ ᠢ᠋  ᠳᠠᠭᠠᠵᠤ ᠦᠨᠡᠨ ᠢ᠋ ᠲᠤᠰᠠᠯᠠᠨ᠂ ᠪᠦᠲᠦᠬᠦ ᠲᠥᠷᠥ ᠳ᠋ᠦ᠍ᠷ ᠵᠢᠳᠬᠦᠵᠦ᠂ ᠪᠦᠬᠦ ᠤᠯᠤᠰ ᠢ᠋ ᠵᠠᠰᠠᠨ ᠴᠢᠳᠠᠪᠠᠰᠤ ᠲᠡᠭᠦᠨ ᠢ᠋ ᠰᠠᠶᠢ ᠰᠠᠢᠨ ᠡᠷ᠎ᠡ ᠬᠡᠮᠡᠬᠦ ᠪᠣᠯᠠᠢ᠃ ᠵᠦᠭᠡᠷ ᠨᠢᠭᠡᠨ ᠵᠢᠳᠬᠦᠯ ᠢ᠋ ᠮᠡᠳᠡᠬᠦ ᠦᠭᠡᠢ ᠬᠠᠷᠠᠩᠭᠤᠢ ᠡᠵᠡᠨ ᠦ᠌ ᠡᠮᠦᠨ᠎ᠡ ᠦᠬᠦᠭᠡᠳ ᠶᠠᠮᠪᠠᠷ ᠰᠠᠢᠨ ᠨᠡᠷ᠎ᠡ ᠪᠣᠢ !ᠬᠠᠷᠢᠨ ᠭᠡᠳᠡᠷᠭᠦ ᠥᠪᠡᠷ ᠢ᠋ᠶ᠋ᠡᠨ ᠠᠮᠲᠠ ᠦᠭᠡᠢ ᠪᠡᠷ ᠬᠥᠩᠭᠡᠨ ᠦᠬᠦᠵᠦ᠂ ᠲᠥᠷᠥᠭᠰᠡᠨ ᠡᠴᠢᠭᠡ ᠡᠬᠡ ᠳ᠋ᠦ᠍ᠷ ᠢ᠋ᠶ᠋ᠡᠨ ᠶᠠᠯ᠎ᠠ ᠣᠯᠬᠤ ᠠ᠋ᠴᠠ ᠥᠪᠡᠷ᠎ᠡ ᠶᠠᠮᠪᠠᠷ ᠲᠤᠰᠠ ᠪᠣᠢ ? ᠴᠢ ᠦᠵᠡᠲᠡᠯ᠎ᠡ ᠠᠯᠲᠠᠨ ᠤᠯᠤᠰ ᠤ᠋ᠨ ᠨᠡᠷᠡᠲᠦ ᠵᠠᠩᠵᠤᠨ ᠮᠢᠨᠦ ᠴᠡᠷᠢᠭ ᠲᠦ᠍ᠷ ᠠᠯᠠᠭᠳᠠᠭᠰᠠᠨ ᠠᠨᠤ ᠲᠣᠭᠠᠯᠠᠪᠠᠴᠤ ᠪᠠᠷᠠᠬᠤ ᠦᠭᠡᠢ᠂ ᠠᠯᠢᠨ ᠢ᠋ ᠠᠨᠤ ᠣᠨᠴᠠᠭᠠᠢᠯᠠᠨ ᠡᠷᠭᠦᠭᠰᠡᠨ ᠭᠠᠵᠠᠷ ᠪᠣᠢ ? ᠰᠠᠢᠨ ᠡᠷ᠎ᠡ ᠪᠥᠭᠡᠳ ᠰᠠᠢᠨ ᠬᠡᠷᠡᠭ ᠢ᠋ ᠦᠯᠦ ᠶᠠᠪᠤᠬᠤ ᠠᠨᠤ ᠦᠯᠦ ᠨᠡᠢᠴᠡᠮᠦᠢ ! 》 ᠬᠡᠮᠡᠭᠰᠡᠨ ᠨᠢᠭᠡᠨ ᠵᠡᠷᠭᠡ ᠶ᠋ᠢᠨ ᠵᠠᠷᠯᠢᠭ ᠲᠤᠷ ᠸᠠᠩ ᠵᠢᠢ ᠳᠣᠲᠣᠷ᠎ᠠ ᠢᠭᠲᠦᠯᠵᠦ ᠬᠥᠰᠡᠷ ᠰᠥᠭᠥᠳᠴᠦ ᠮᠥᠷᠭᠥᠨ ᠥᠭᠦᠯᠡᠷᠦᠨ :《ᠡᠨᠡ ᠪᠠᠢᠳᠠᠯ ᠢ᠋ ᠦᠵᠡᠬᠦᠯ᠎ᠡ ᠬᠠᠭᠠᠨ ᠡᠵᠡᠨ ᠨᠠᠮᠠᠶ᠋ᠢ ᠠᠯᠠᠬᠤ ᠦᠭᠡᠢ ᠪᠡᠷ ᠵᠠᠷᠤᠰᠤᠭᠠᠢ ᠬᠡᠮᠡᠬᠦ ᠰᠠᠨᠠᠭᠠᠨ ᠪᠠᠢᠬᠤ ᠲᠤᠯᠠ ᠰᠠᠢᠳ ᠪᠢ ᠡᠭᠦᠨᠴᠡ ᠬᠦᠨᠳᠦ ᠵᠢᠳᠬᠦᠵᠦ᠂ ᠬᠠᠭᠠᠨ ᠡᠵᠡᠨ ᠦ᠌ ᠲᠠᠨᠢᠵᠤ ᠥᠷᠥᠰᠢᠶᠡᠭᠰᠡᠨ ᠬᠦᠨᠳᠦ ᠠᠴᠢ ᠳ᠋ᠤᠷ ᠬᠠᠷᠢᠭᠤᠯᠠᠰᠤᠭᠠᠢ !》 ᠬᠡᠮᠡᠭᠰᠡᠨ ᠳ᠋ᠦ᠍ᠷ ᠬᠠᠭᠠᠨ ᠤ᠋ ᠭᠡᠭᠡᠨ ᠶᠡᠬᠡᠯ᠎ᠡ ᠪᠠᠶᠠᠷᠯᠠᠵᠤ᠂ ᠶᠠᠭᠠᠷᠠᠨ ᠬᠦᠯᠢᠶᠡᠰᠦᠨ ᠢ᠋ ᠲᠠᠢᠯᠤᠭᠤᠯᠵᠤ᠂ ᠡᠨᠡ ᠴᠣᠬᠣᠮ ᠴᠢᠬᠡᠴᠢ ᠰᠢᠳᠤᠷᠭᠤ ᠬᠥᠮᠦᠨ ᠭᠡᠮᠡᠨ ᠳᠠᠷᠤᠢ ᠳ᠋ᠦᠲ᠋ᠦ᠋ᠩ ᠴᠣᠯᠠ ᠰᠣᠶᠣᠷᠬᠠᠵᠤ᠂ᠪᠠᠷᠰ ᠤ᠋ᠨ ᠠᠯᠲᠠᠨ ᠲᠠᠮᠠᠭ᠎ᠠ ᠥᠭᠴᠦ ᠢᠷᠭᠡᠨ ᠮᠣᠩᠭᠣᠯ ᠬᠣᠶᠠᠷ ᠲᠦᠮᠡᠨ ᠴᠡᠷᠢᠭ ᠳᠠᠢᠴᠢᠯᠠᠭᠤᠯᠤᠨ᠂ ᠱᠠᠨᠰᠢ ᠮᠣᠵᠢ ᠶ᠋ᠢ ᠲᠣᠭᠲᠠᠭᠠᠵᠤ᠂ ᠦᠨᠡᠨ ᠰᠡᠳᠬᠢᠯ ᠢ᠋ᠶ᠋ᠡᠨ ᠢᠯᠡᠳᠬᠡᠨ ᠶᠡᠬᠡ ᠭᠠᠪᠢᠶ᠎ᠠ ᠪᠠᠢᠭᠤᠯᠤᠭᠲᠤᠨ ᠭᠡᠮᠡᠨ ᠬᠠᠷᠠᠭᠰᠠᠭᠠᠷ ᠮᠣᠷᠳᠠᠭᠤᠯᠤᠭᠰᠠᠨ ᠳ᠋ᠤᠷ ᠸᠠᠩ ᠵᠢᠢ ᠴᠢᠩᠭᠢᠰ ᠬᠠᠭᠠᠨ ᠤ᠋ ᠬᠥᠮᠦᠨ ᠢ᠋ ᠮᠡᠳᠡᠵᠦ ᠵᠠᠷᠤᠬᠤ ᠠᠨᠤ ᠡᠨᠡ ᠮᠡᠲᠦ ᠳ᠋ᠦ᠍ᠷ ᠶᠡᠬᠡᠯ᠎ᠡ ᠰᠢᠳᠦᠨ ᠰᠠᠨᠠᠵᠤ᠂ ᠳᠠᠷᠤᠢ ᠱᠠᠨᠰᠢ ᠮᠣᠵᠢ ᠶ᠋ᠢᠨ ᠵᠦᠭ ᠣᠷᠣᠪᠠ᠃ 
       ᠡᠨᠡ ᠦᠶ᠎ᠡ ᠳ᠋ᠦ᠍ᠷ ᠠᠯᠲᠠᠨ ᠤᠯᠤᠰ ᠤ᠋ᠨ ᠬᠤ᠌ ᠱᠠ ᠬᠤ᠌ ᠬᠡᠳᠦᠢᠨᠡᠢ ᠬᠣᠲᠠ ᠪᠠᠨ ᠣᠷᠬᠢᠨ ᠪᠤᠷᠤᠭᠤᠯᠠᠨ ᠡᠴᠢᠵᠦ᠂ ᠤᠯᠤᠰ ᠲᠤᠷ ᠢ᠋ᠶ᠋ᠠᠨ ᠣᠷᠣᠵᠤ ᠬᠠᠭᠠᠨ ᠢ᠋ᠶ᠋ᠠᠨ ᠠᠯᠠᠵᠤ ᠬᠡᠷᠡᠭ ᠭᠠᠷᠭᠠᠭᠰᠠᠨ ᠴᠠᠭ ᠪᠤᠶᠤ᠃ ᠵᠢᠴᠢ ᠮᠣᠩᠭᠣᠯ ᠤ᠋ᠨ ᠴᠡᠷᠢᠭ ᠡᠦ ᠾᠦᠢ ᠯᠢᠩ ᠳᠠᠪᠠᠭ᠎ᠠ ᠶ᠋ᠢ ᠳᠠᠪᠠᠵᠤ ᠰᠦ᠍ ᠵᠧᠦ᠂ ᠢ ᠵᠧᠦ ᠬᠣᠶᠠᠷ ᠬᠣᠲᠠ ᠶ᠋ᠢ ᠬᠠᠭᠠᠵᠤ ᠳᠠᠭᠠᠭᠤᠯᠤᠭᠠᠳ ᠳᠠᠬᠢᠨ ᠵᠡᠪᠡ᠂ ᠵᠠᠯᠮ᠎ᠠ ᠳ᠋ᠤᠷ ᠲᠠᠪᠤᠨ ᠪᠠᠷᠰ ᠤ᠋ᠨ ᠵᠠᠩᠵᠤᠨ ᠢ᠋ ᠥᠭᠴᠦ ᠪᠠᠷᠠᠭᠤᠨ ᠬᠣᠢᠲᠤ ᠵᠦᠭ ᠣᠷᠣᠭᠠᠳ ᠴᠠᠪᠴᠢᠶᠠᠯ ᠪᠣᠭᠣᠮᠲᠠ ᠶ᠋ᠢᠨ ᠠᠷᠤ ᠬᠣᠢᠭᠤᠷ ᠣᠷᠣᠵᠤ᠂ ᠭᠠᠯ ᠲᠠᠯᠪᠢᠨ ᠴᠠᠪᠴᠢᠶᠠᠯ ᠪᠣᠭᠣᠮᠲᠠ ᠶ᠋ᠢ ᠪᠤᠯᠢᠶᠠᠨ ᠠᠪᠴᠤ ᠴᠠᠪᠴᠢᠶᠠᠯ ᠪᠣᠭᠣᠮᠲᠠᠨ ᠤ᠋ ᠭᠠᠳᠠᠨ᠎ᠠ ᠪᠠᠭᠤᠵᠤ᠂ ᠴᠠᠪᠴᠢᠶᠠᠯ ᠪᠣᠭᠣᠮᠲᠠ ᠶ᠋ᠢ ᠰᠡᠵᠢᠭᠯᠡᠭᠦᠯᠬᠦ ᠴᠡᠷᠢᠭ ᠬᠦᠳᠡᠷ ᠪᠦᠰᠡ᠂ ᠬᠦᠷᠡᠯ ᠪᠦᠰᠡ① ᠨᠠᠷ ᠤ᠋ᠨ ᠴᠡᠷᠢᠭ ᠲᠦ᠍ᠷ ᠤᠴᠠᠷᠠᠭᠠᠳ ᠬᠠᠮᠲᠤ ᠨᠡᠢᠯᠡᠵᠦ᠂ ᠡᠪᠦᠯ ᠦ᠋ᠨ ᠲᠡᠷᠢᠭᠦᠨ ᠰᠠᠷ᠎ᠠ ᠳ᠋ᠤᠷ ᠬᠠᠭᠠᠨ ᠤ᠋ ᠭᠡᠭᠡᠨ ᠮᠣᠩᠭᠣᠯ ᠤ᠋ᠨ ᠴᠡᠷᠢᠭ ᠢ᠋ᠶ᠋ᠡᠨ ᠭᠤᠷᠪᠠᠨ ᠠᠩᠭᠢ ᠬᠤᠪᠢᠶᠠᠪᠠ᠃ ᠨᠢᠭᠡᠨ ᠬᠤᠪᠢ ᠶ᠋ᠢ ᠶᠡᠬᠡ ᠲᠠᠢᠽᠢ ᠵᠣᠴᠢ ᠴᠢᠨ ᠸᠠᠩ᠂ ᠬᠣᠶᠠᠳᠤᠭᠠᠷ ᠲᠠᠢᠽᠢ ᠴᠠᠭᠠᠲᠠᠢ ᠴᠢᠨ ᠸᠠᠩ᠂ ᠭᠤᠷᠪᠠᠳᠤᠭᠠᠷ ᠲᠠᠢᠽᠢ ᠥᠭᠡᠳᠡᠢ ᠴᠢᠨ ᠸᠠᠩ ᠭᠤᠷᠪᠠᠭᠤᠯᠠ ᠳ᠋ᠤᠷ ᠶᠢᠰᠦᠨ ᠡᠩ ᠦ᠋ᠨ ᠲᠦᠰᠢᠮᠡᠳ ᠭᠤᠷᠪᠠ᠂ ᠪᠠᠭ᠎ᠠ ᠵᠠᠩᠵᠤᠨ ᠠᠷᠪᠠ ᠬᠤᠪᠢᠶᠠᠨ ᠲᠠᠪᠤᠨ ᠲᠦᠮᠡᠨ ᠴᠡᠷᠢᠭ ᠥᠭᠴᠦ ᠲᠡᠢ ᠬᠠᠩ ᠠᠭᠤᠯᠠ ᠠ᠋ᠴᠠ ᠡᠮᠦᠨᠡᠰᠢ ᠲᠤᠯᠤᠷ᠎ᠠ ᠢᠯᠡᠭᠡᠪᠡ᠃ ᠪᠠᠰᠠ ᠳᠡᠭᠦᠦ ᠬᠠᠰᠠᠷ ᠴᠢᠨ ᠸᠠᠩ᠂ ᠪᠡᠯᠭᠦᠳᠡᠢ ᠴᠢᠨ ᠸᠠᠩ ᠳ᠋ᠤᠷ ᠶᠢᠰᠦᠨ ᠡᠩ ᠦ᠋ᠨ ᠲᠡᠷᠢᠭᠦᠨ ᠲᠦᠰᠢᠮᠡᠯ ᠭᠤᠷᠪᠠ᠂ᠪᠠᠭ᠎ᠠ ᠵᠠᠩᠵᠤᠨ ᠨᠠᠷ ᠠᠷᠪᠠ᠂ ᠲᠠᠪᠤᠨ ᠲᠦᠮᠡᠨ ᠴᠡᠷᠢᠭ ᠥᠭᠴᠦ ᠳᠠᠯᠠᠢ ᠶ᠋ᠢᠨ ᠬᠥᠪᠡᠭᠡ ᠪᠠᠷᠢᠵᠤ ᠳᠣᠷᠣᠨ᠎ᠠ ᠵᠦᠭ ᠲᠦ᠍ᠷ ᠳᠠᠢᠯᠠᠷ᠎ᠠ ᠶᠠᠪᠤᠭᠤᠯᠪᠠ᠃ᠬᠠᠭᠠᠨ ᠤ᠋ ᠭᠡᠭᠡᠨ ᠮᠤᠬᠤᠯᠢ ᠳᠥᠷᠪᠡᠳᠦᠭᠡᠷ ᠲᠠᠢᠽᠢ ᠲᠣᠯᠢ᠂ ᠹᠦ ᠮᠠ᠋ ᠴᠡᠴᠡᠭ᠂ ᠰᠠᠢᠬᠠᠨ ᠰᠤᠷᠲᠠᠯᠲᠤ᠂ ᠵᠠᠮᠪᠠᠯ᠂ ᠵᠠᠯᠮ᠎ᠠ᠂ ᠵᠡᠪᠡ᠂ ᠲᠡᠢᠨ ᠰᠠᠩ᠂ᠪᠤᠯᠤ᠂ ᠡᠭᠦᠯᠡᠨ ᠴᠡᠷᠪᠢ ᠨᠠᠷ ᠢ᠋ ᠠᠪᠴᠤ ᠡᠮᠦᠨ᠎ᠡ ᠵᠦᠭ ᠣᠷᠣᠵᠤ ᠳᠠᠢᠯᠠᠷ᠎ᠠ ᠡᠴᠢᠪᠡ᠃ ᠪᠠᠰᠠ ᠮᠤᠬᠤᠯᠢ ᠶᠤᠸᠠᠨᠱᠤᠸᠠᠢ ᠳ᠋ᠤᠷ ᠲᠡᠢᠨ ᠰᠠᠩ᠂ ᠪᠤᠯᠤ᠂ᠡᠭᠦᠯᠡᠨ ᠴᠡᠷᠪᠢ᠂ ᠬᠦᠷᠡᠯ ᠪᠦᠰᠡ᠂ ᠬᠦᠳᠡᠷ ᠪᠦᠰᠡ ᠨᠠᠷ ᠢ᠋ ᠥᠭᠴᠦ ᠵᠡᠭᠦᠨ ᠡᠮᠦᠨ᠎ᠡ ᠵᠦᠭ ᠳᠠᠢᠯᠠᠷ᠎ᠠ ᠢᠯᠡᠭᠡᠪᠡ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠰᠢᠨ᠎ᠡ ᠡᠵᠡᠨ ᠰᠠᠶᠢ ᠰᠠᠭᠤᠵᠤ ᠬᠤ᠌ ᠱᠠ ᠬᠤ᠌ ᠠ᠋ᠴᠠ ᠠᠶᠤᠨ ᠲᠡᠭᠦᠨ ᠦ᠌ ᠵᠣᠷᠢᠭ ᠢ᠋ᠶ᠋ᠠᠷ ᠪᠣᠯᠵᠤ ᠪᠠᠰᠠ ᠲᠡᠢᠨ ᠳᠠᠢᠰᠤᠨ ᠢ᠋ ᠪᠠᠢᠯᠳᠤᠬᠤ ᠰᠠᠬᠢᠬᠤ ᠶ᠋ᠢ ᠴᠥᠮ ᠲᠡᠭᠦᠨ ᠳ᠋ᠦ᠍ᠷ ᠲᠤᠰᠢᠶᠠᠭᠰᠠᠨ ᠲᠤᠯᠠ ᠬᠤ᠌ ᠱᠠ ᠬᠤ᠌ ᠠᠷᠭ᠎ᠠ ᠦᠭᠡᠢ ᠬᠥᠯ ᠡᠪᠡᠳᠦᠮᠦᠢ ᠭᠡᠮᠡᠨ ᠭᠡᠷ ᠲᠡᠭᠡᠨ ᠠᠷᠭᠠᠯᠠᠨ ᠬᠡᠪᠲᠡᠬᠦᠢ ᠳ᠋ᠦ᠍ᠷ ᠭᠠᠵᠠᠷ ᠭᠠᠵᠠᠷ ᠠ᠋ᠴᠠ ᠳᠠᠪᠬᠤᠷ ᠳᠠᠪᠬᠤᠷ ᠮᠡᠳᠡᠭᠡ ᠢᠷᠡᠵᠦ ᠮᠡᠳᠡᠭᠦᠯᠬᠦ ᠢᠨᠦ : ᠮᠣᠩᠭᠣᠯ ᠤ᠋ᠨ ᠬᠠᠰᠠᠷ ᠬᠡᠮᠡᠭᠴᠢ ᠸᠠᠩ ᠤ᠋ᠨ ᠨᠢᠭᠡᠨ ᠠᠩᠭᠢ ᠴᠡᠷᠢᠭ ᠬᠣᠶᠠᠷ ᠶᠡᠬᠡ ᠵᠠᠩᠵᠤᠨ᠂ ᠬᠤᠪᠢᠯᠭᠠᠨ ᠬᠦᠴᠦᠲᠦ ᠲᠠᠪᠤᠨ ᠮᠢᠩᠭᠠᠨ ᠴᠡᠷᠢᠭ ᠠᠪᠤᠨ ᠢᠷᠡᠵᠦ᠂ ᠮᠠᠨ ᠤ᠋ ᠵᠦᠩᠳᠦ᠋ ᠬᠣᠲᠠ ᠶ᠋ᠢᠨ ᠬᠣᠢᠨ᠎ᠠ ᠪᠠᠭᠤᠪᠠ᠃ ᠶᠡᠬᠡ ᠴᠡᠷᠢᠭ ᠢᠨᠦ ᠹᠦ ᠾᠧ ᠤᠰᠤᠨ ᠢ᠋ ᠭᠡᠲᠦᠯᠵᠦ᠂ ᠯᠢᠨ ᠱᠠᠨ ᠠᠭᠤᠯᠠᠨ ᠢ᠋ ᠳᠠᠪᠠᠵᠤ ᠠᠢᠰᠤᠢ ᠬᠡᠮᠡᠬᠦᠢ ᠳ᠋ᠦ᠍ᠷ ᠬᠤ᠌ ᠱᠠ ᠬᠤ᠌ ᠠᠷᠭ᠎ᠠ ᠦᠭᠡᠢ ᠬᠥᠯ ᠡᠪᠡᠳᠪᠡᠴᠦ ᠭᠠᠷᠰᠤᠭᠠᠢ ᠭᠡᠮᠡᠨ ᠬᠥᠨᠲᠥᠷᠭᠡᠨ ᠬᠡᠯᠡᠵᠦ᠂ ᠲᠡᠷᠭᠡ ᠰᠡᠦᠬᠡ ᠳ᠋ᠦ᠍ᠷ ᠭᠠᠷᠴᠤ ᠣᠯᠠᠨ ᠴᠡᠷᠢᠭ ᠢ᠋ ᠬᠥᠭᠡᠭᠡᠨ ᠪᠠᠢᠯᠳᠤᠬᠤᠢ ᠪᠠᠷ ᠭᠠᠷᠤᠮᠠᠭᠴᠠ ᠳᠠᠷᠤᠢ ᠵᠠᠩᠲᠤ᠂ᠬᠠᠨᠳᠠᠭᠠᠢ ᠬᠣᠶᠠᠷ ᠵᠠᠩᠵᠤᠨ ᠤ᠋ ᠴᠡᠷᠢᠭ ᠲᠦ᠍ᠷ ᠬᠠᠯᠳᠠᠵᠤ᠂ ᠬᠠᠭᠠᠰ ᠴᠠᠭ ᠪᠣᠯᠤᠭᠰᠠᠨ ᠦᠭᠡᠢ᠂ ᠮᠣᠩᠭᠣᠯ ᠤ᠋ᠨ ᠬᠠᠲᠠᠭᠤ ᠨᠤᠮᠤ ᠵᠡᠪᠡ ᠬᠠᠷᠪᠤᠬᠤ ᠠᠨᠤ ᠴᠠᠬᠢᠯᠭᠠᠨ ᠰᠤᠮᠤ ᠮᠡᠲᠦ ᠬᠤ᠌ ᠱᠠ ᠬᠤ᠌ ᠶ᠋ᠢᠨ ᠲᠡᠷᠭᠡ ᠰᠡᠦᠬᠡ ᠳ᠋ᠦ᠍ᠷ ᠲᠣᠰᠴᠤ ᠭᠠᠳᠠᠬᠤᠢ ᠳ᠋ᠤᠷ ᠶᠡᠬᠡᠯ᠎ᠡ ᠠᠶᠤᠵᠤ ᠭᠡᠳᠡᠷᠭᠦ ᠪᠤᠷᠤᠭᠤᠯᠠᠬᠤᠢ ᠳ᠋ᠤᠷ ᠮᠣᠩᠭᠣᠯ ᠤ᠋ᠨ ᠬᠤᠪᠢᠯᠭᠠᠨ ᠬᠦᠴᠦᠲᠦ ᠴᠡᠷᠢᠭ ᠳᠠᠷᠤᠢ ᠳᠠᠷᠤᠨ ᠣᠷᠣᠵᠤ᠂ ᠣᠯᠠᠨ ᠪᠠᠷᠰ ᠬᠣᠨᠢᠨ ᠤ᠋ ᠰᠦᠷᠦᠭ ᠨᠣᠬᠠᠢ ᠶ᠋ᠢᠨ ᠪᠠᠭ ᠲᠤᠷ ᠣᠷᠣᠭᠰᠠᠨ ᠮᠡᠲᠦ ᠬᠥᠨᠳᠡᠯᠡᠨ ᠭᠤᠯᠳᠤ ᠠᠯᠠᠨ ᠶᠠᠪᠤᠬᠤᠢ ᠳ᠋ᠤᠷ ᠬᠤ᠌ ᠱᠠ ᠬᠤ᠌ ᠶᠡᠬᠡᠯ᠎ᠡ ᠳᠠᠷᠤᠭᠳᠠᠵᠤ᠂ ᠮᠥᠨ ᠬᠦ᠌ ᠠᠮᠢ ᠪᠠᠨ ᠠᠷᠠᠢ ᠠᠪᠴᠤ ᠳᠤᠲᠠᠭᠠᠨ ᠵᠦᠩᠳᠦ᠋ ᠳ᠋ᠦ᠍ᠷ ᠣᠷᠣᠭᠠᠳ ᠨᠢᠭᠡᠮᠦᠰᠦᠨ ᠬᠥᠯ ᠡᠪᠡᠳᠴᠦ ᠬᠥᠳᠡᠯᠦᠨ ᠴᠢᠳᠠᠬᠤ ᠦᠭᠡᠢ ᠭᠡᠮᠡᠨ ᠠᠷᠭᠠᠯᠠᠨ ᠵᠣ᠌ ᠬᠤ᠌ ᠭᠣᠣ ᠴᠢ ᠶ᠋ᠢ ᠥᠴᠥᠭᠡᠳᠦᠷ ᠡᠴᠢᠭᠰᠡᠨ ᠦᠭᠡᠢ ᠭᠡᠮᠡᠨ ᠰᠢᠯᠲᠠᠵᠤ ᠳᠠᠷᠤᠢ ᠬᠤᠭᠤᠴᠠᠭ᠎ᠠ ᠬᠤᠭᠤᠴᠠᠵᠤ ᠮᠥᠨ ᠬᠦ᠌ ᠲᠠᠪᠤᠨ ᠮᠢᠩᠭᠠᠨ ᠴᠡᠷᠢᠭ ᠥᠭᠴᠦ ᠭᠠᠷᠭᠠᠭᠰᠠᠨ ᠳ᠋ᠤᠷ ᠭᠣᠣ ᠴᠢ ᠴᠡᠷᠢᠭ ᠢ᠋ ᠠᠪᠤᠨ ᠭᠠᠷᠴᠤ ᠢᠷᠡᠪᠡᠰᠦ ᠮᠣᠩᠭᠣᠯ ᠤ᠋ᠨ ᠴᠡᠷᠢᠭ ᠵᠣ᠌ ᠬᠤ᠌ ᠭᠣᠣ ᠴᠢ ᠶ᠋ᠢ ᠳᠠᠷᠤᠵᠤ ᠵᠦᠩᠳᠦ᠋ ᠶ᠋ᠢ ᠬᠡᠲᠦᠷᠡᠲᠡᠯ᠎ᠡ ᠬᠥᠭᠡᠭᠡᠵᠦ ᠠᠯᠠᠪᠠ᠂ ᠡᠨᠡ ᠳᠠᠷᠤᠢ ᠭᠣᠣ ᠴᠢ  ᠬᠤᠭᠤᠴᠠᠭ᠎ᠠ ᠥᠩᠭᠡᠷᠡᠲᠡᠯ᠎ᠡ ᠢᠷᠡᠭᠰᠡᠨ ᠦᠭᠡᠢ ᠳ᠋ᠦ᠍ᠷ᠂ ᠬᠤ᠌  ᠱᠠ ᠬᠤ᠌ ᠬᠡᠳᠦᠨ ᠵᠠᠭᠤᠨ ᠴᠡᠷᠢᠭ ᠭᠠᠷᠭᠠᠵᠤ᠂ ᠵᠣ᠌ ᠬᠤ᠌ ᠭᠣᠣ ᠴᠢ ᠶ᠋ᠢ ᠡᠭᠡᠭᠦᠯᠦᠨ ᠠᠪᠴᠢᠷᠠᠵᠤ ᠴᠡᠷᠢᠭ ᠦ᠋ᠨ ᠴᠠᠭᠠᠵᠠ ᠠ᠋ᠴᠠ ᠵᠥᠷᠢᠴᠡᠪᠡ ᠭᠡᠮᠡᠨ ᠠᠯᠠᠬᠤ ᠲᠠᠯᠠᠪᠤᠷ ᠲᠤᠷ ᠭᠠᠷᠭᠠᠭᠰᠠᠨ ᠢ᠋ ᠬᠠᠭᠠᠨ ᠠᠨᠤ ᠰᠢᠤᠸᠠᠨᠽᠦ᠋ᠩ ᠶᠠᠭᠠᠷᠠᠨ ᠬᠥᠮᠦᠨ ᠢᠯᠡᠭᠡᠵᠦ᠂ ᠵᠣ᠌ ᠬᠤ᠌ ᠭᠣᠣ ᠴᠢ ᠶ᠋ᠢᠨ ᠬᠠᠭᠤᠴᠢᠨ ᠭᠠᠪᠢᠶ᠎ᠠ ᠳ᠋ᠤᠷ ᠠᠯᠠᠬᠤ ᠶ᠋ᠢ ᠭᠡᠯᠳᠦᠷᠢᠭᠦᠯ ᠭᠡᠮᠡᠨ ᠵᠠᠷᠯᠢᠭ ᠪᠠᠭᠤᠯᠭᠠᠭᠰᠠᠨ ᠳ᠋ᠤᠷ ᠬᠤ᠌ ᠱᠠ ᠬᠤ᠌ ᠠᠷᠭ᠎ᠠ ᠦᠭᠡᠢ ᠵᠣ᠌ ᠬᠤ᠌ ᠭᠣᠣ ᠴᠢ ᠶ᠋ᠢ ᠠᠯᠠᠬᠤ ᠪᠠᠨ ᠪᠠᠢᠵᠤ ᠡᠭᠡᠭᠦᠯᠦᠨ ᠠᠪᠴᠢᠷᠠᠵᠤ ᠴᠡᠷᠢᠭ ᠨᠡᠮᠡᠨ᠂ ᠳᠠᠬᠢᠨ ᠭᠠᠷᠴᠤ ᠬᠦᠴᠦᠯᠡᠨ ᠪᠠᠢᠯᠳᠤᠨ ᠮᠣᠩᠭᠣᠯ ᠤ᠋ᠨ ᠴᠡᠷᠢᠭ ᠢ᠋ ᠡᠭᠡᠭᠦᠯ᠂ ᠬᠡᠷᠪᠡ ᠳᠠᠷᠤᠭᠳᠠᠪᠠᠰᠤ ᠣᠳᠣ ᠬᠡᠯᠲᠦᠷᠢᠭᠦᠯᠬᠦ ᠦᠭᠡᠢ᠂ ᠡᠷᠬᠡᠪᠰᠢ ᠠᠯᠠᠮᠤᠢ ᠬᠡᠮᠡᠬᠦᠢ ᠳ᠋ᠦ᠍ᠷ ᠵᠣ᠌ ᠬᠤ᠌ ᠭᠣᠣ ᠴᠢ ᠠᠷᠭ᠎ᠠ ᠦᠭᠡᠢ ᠴᠡᠷᠢᠭ ᠢ᠋ ᠠᠪᠤᠨ ᠭᠠᠷᠴᠤ ᠢᠷᠡᠭᠡᠳ ᠪᠠᠢᠯᠳᠤᠷ᠎ᠠ ᠡᠴᠢᠰᠦᠭᠡᠢ ᠬᠡᠮᠡᠬᠦᠢ ᠳ᠋ᠦ᠍ᠷ ᠲᠡᠭᠷᠢ ᠪᠠᠰᠠ ᠮᠣᠩᠭᠣᠯ ᠢ᠋ ᠲᠤᠰᠠᠯᠠᠬᠤ ᠲᠤᠯᠠ ᠶᠡᠬᠡ ᠰᠠᠯᠬᠢᠨ ᠳᠡᠭᠳᠡᠵᠦ ᠡᠯᠡᠰᠦ ᠬᠤᠮᠠᠭ ᠮᠣᠳᠣ ᠴᠢᠯᠠᠭᠤ ᠥᠩᠬᠥᠷᠢᠵᠦ ᠬᠥᠮᠦᠨ ᠵᠠᠮ ᠳ᠋ᠤᠷ ᠶᠠᠪᠤᠵᠤ ᠪᠣᠯᠬᠤ ᠦᠭᠡᠢ ᠲᠤᠯᠠ ᠮᠣᠩᠭᠣᠯ ᠪᠠᠰᠠ ᠳᠠᠷᠤᠨ ᠢᠷᠡᠭᠰᠡᠨ ᠳ᠋ᠦ᠍ᠷ ᠠᠯᠲᠠᠨ ᠤ᠋ ᠴᠡᠷᠢᠭ ᠪᠠᠢᠯᠳᠤᠯ ᠦᠭᠡᠢ ᠰᠠᠮᠠᠭᠤᠷᠠᠭᠰᠠᠨ᠎ᠠ ᠵᠣ᠌ ᠬᠤ᠌ ᠭᠣᠣ ᠴᠢ ᠳᠣᠲᠣᠷ᠎ᠠ ᠪᠠᠨ ᠰᠡᠳᠬᠢᠷᠦᠨ : ᠡᠨᠡ ᠬᠤ᠌ ᠱᠠ ᠬᠤ᠌ ᠨᠠᠮᠠᠢ ᠡᠷᠬᠡ ᠦᠭᠡᠢ ᠠᠯᠠᠮᠤᠢ᠂ ᠲᠡᠭᠦᠨ ᠳ᠋ᠦ᠍ᠷ ᠠᠯᠠᠭᠳᠠᠬᠤ ᠠ᠋ᠴᠠ ᠪᠢ ᠤᠷᠢᠳᠠ ᠲᠡᠭᠦᠨ ᠢ᠋ ᠠᠯᠠᠵᠤ ᠦᠰ ᠢ᠋ᠶ᠋ᠡᠨ ᠠᠪᠤᠭᠠᠳ ᠳᠠᠬᠢᠵᠤ ᠬᠠᠭᠠᠨ ᠳ᠋ᠤᠷ ᠢ᠋ᠶ᠋ᠠᠨ ᠠᠯᠠᠭᠳᠠᠰᠤᠭᠠᠢ ᠭᠡᠮᠡᠨ ᠰᠡᠳᠬᠢᠯ ᠲᠣᠭᠲᠠᠭᠠᠳ ᠴᠡᠷᠢᠭ ᠢ᠋ ᠡᠭᠡᠭᠦᠯᠦᠨ ᠰᠢᠭᠤᠳ ᠵᠦᠩᠳ᠋ᠦ᠋ ᠳ᠋ᠦ᠍ᠷ ᠴᠣᠬᠢᠨ ᠣᠷᠣᠵᠤ ᠢᠷᠡᠭᠡᠳ ᠤᠷᠢᠳᠠ ᠬᠤ᠌ ᠱᠠ ᠬᠤ᠌ ᠶ᠋ᠢᠨ ᠶᠠᠮᠤᠨ ᠢ᠋ ᠡᠷᠢᠵᠦ ᠳᠣᠯᠣᠭᠠᠨ ᠳᠠᠪᠬᠤᠷ ᠬᠠᠭᠠᠵᠤ ᠪᠦᠰᠡᠯᠡᠭᠡᠳ ᠴᠠᠪᠴᠢᠨ ᠣᠷᠣᠬᠤᠢ ᠳ᠋ᠤᠷ ᠬᠤ᠌ ᠱᠠ ᠬᠤ᠌ ᠬᠡᠷᠡᠭ ᠴᠢᠬᠤᠯ ᠪᠣᠯᠤᠭᠰᠠᠨ ᠢ᠋ ᠦᠵᠡᠭᠡᠳ ᠶᠠᠭᠠᠷᠠᠨ ᠱᠠᠲᠤ ᠠᠴᠢᠷᠠᠭᠤᠯᠤᠨ ᠬᠣᠢᠲᠤ ᠬᠡᠷᠡᠮ ᠢ᠋ᠶ᠋ᠡᠷ ᠬᠠᠷᠠᠢᠵᠤ ᠳᠤᠲᠠᠭᠠᠰᠤᠭᠠᠢ ᠬᠡᠮᠡᠬᠦᠢ ᠳ᠋ᠦ᠍ᠷ ᠳᠡᠪᠡᠯ ᠳ᠋ᠦ᠍ᠷ ᠲᠤᠷᠳᠤᠵᠤ ᠬᠡᠷᠡᠮ ᠢ᠋ ᠳᠡᠪᠬᠡᠯᠦᠨ ᠪᠠᠭᠤᠵᠤ ᠴᠢᠳᠠᠭᠰᠠᠨ ᠦᠭᠡᠢ ᠥᠩᠬᠥᠷᠢᠨ ᠤᠨᠠᠭᠰᠠᠨ ᠳ᠋ᠤᠷ ᠲᠠᠷᠭᠤᠨ ᠭᠡᠳᠡᠰᠦ ᠢᠨᠤ ᠡᠯᠭᠦᠭᠳᠡᠨ ᠨᠠᠷᠢᠨ ᠭᠡᠳᠡᠰᠦ ᠢᠨᠤ ᠲᠠᠰᠤᠷᠠᠵᠤ ᠠᠲᠠᠯ᠎ᠠ ᠵᠣ᠌ ᠬᠤ᠌ ᠭᠣᠣ ᠴᠢ ᠶ᠋ᠢᠨ ᠴᠡᠷᠢᠭ ᠲᠣᠯᠣᠭᠠᠢ ᠶ᠋ᠢ ᠲᠠᠰᠤ ᠴᠠᠪᠴᠢᠨ ᠠᠪᠴᠤ ᠵᠣ᠌ ᠬᠤ᠌ ᠭᠣᠣ ᠴᠢ ᠳ᠋ᠦ᠍ᠷ ᠠᠪᠴᠢᠷᠠᠵᠤ ᠥᠭᠭᠦᠭᠰᠡᠨ ᠳ᠋ᠦ᠍ᠷ᠂ ᠵᠣ᠌ ᠬᠤ᠌ ᠭᠣᠣ ᠴᠢ᠂ ᠬᠤ᠌  ᠱᠠ ᠬᠤ᠌ ᠶ᠋ᠢᠨ ᠭᠡᠷ ᠦ᠋ᠨ ᠠᠮᠠᠨ ᠢ᠋ ᠴᠥᠮ ᠪᠠᠷᠠᠲᠠᠯ᠎ᠠ ᠠᠯᠠᠵᠤ᠂ᠬᠤ᠌ ᠱᠠ ᠬᠤ᠌ ᠶ᠋ᠢᠨ ᠲᠣᠯᠣᠭᠠᠢ ᠶ᠋ᠢ ᠠᠪᠤᠨ ᠢᠷᠡᠵᠦ᠂ ᠬᠠᠭᠠᠨ ᠳ᠋ᠤᠷ ᠢ᠋ᠶ᠋ᠠᠨ ᠰᠥᠭᠥᠳᠴᠦ ᠦᠬᠦᠬᠦ ᠶᠠᠯ᠎ᠠ ᠶ᠋ᠢ ᠬᠦᠯᠢᠶᠡᠨ ᠡᠷᠭᠦᠭᠰᠡᠨ ᠳ᠋ᠦ᠍ᠷ ᠰᠢᠦᠸᠠᠨᠽᠦ᠋ᠩ ᠬᠠᠭᠠᠨ ᠤᠭ ᠠ᠋ᠴᠠ ᠬᠤ᠌ ᠱᠠ ᠬᠤ᠌ ᠶ᠋ᠢ ᠠᠯᠠᠰᠤᠭᠠᠢ ᠬᠡᠮᠡᠵᠦ ᠠᠷᠭ᠎ᠠ ᠦᠭᠡᠢ ᠪᠦᠬᠦᠢ ᠳ᠋ᠦ᠍ᠷ ᠵᠣ᠌ ᠬᠤ᠌ ᠭᠣᠣ ᠴᠢ ᠠᠯᠠᠭᠠᠳ ᠲᠣᠯᠣᠭᠠᠢ ᠶ᠋ᠢ ᠠᠪᠴᠤ ᠢᠷᠡᠭᠰᠡᠨ ᠳ᠋ᠦ᠍ᠷ ᠶᠡᠬᠡᠯ᠎ᠡ ᠪᠠᠶᠠᠷᠯᠠᠨ᠂ ᠵᠣ᠌ ᠬᠤ᠌ ᠭᠣᠣ ᠴᠢ ᠶ᠋ᠢᠨ ᠶᠠᠯ᠎ᠠ ᠶ᠋ᠢ ᠬᠡᠯᠲᠦᠷᠢᠭᠦᠯᠬᠦ ᠪᠡᠷ ᠦᠯᠦ ᠪᠠᠷᠠᠨ᠂ᠬᠠᠷᠢᠨ ᠳᠣᠲᠣᠭᠠᠳᠤ ᠵᠣᠪᠠᠯᠠᠩ ᠢ᠋ ᠠᠷᠢᠯᠭᠠᠪᠠ ᠭᠡᠮᠡᠨ ᠵᠡᠭᠦᠨ ᠡᠲᠡᠭᠡᠳ ᠦ᠋ᠨ ᠳᠡᠳ᠋ ᠶᠤᠸᠠᠨᠱᠤᠸᠠᠢ ᠡᠷᠭᠦᠮᠵᠢᠯᠡᠨ ᠬᠤ᠌ ᠱᠠ ᠬᠤ᠌ ᠶ᠋ᠢ ᠠᠯᠠᠭᠰᠠᠨ ᠨᠢᠭᠡᠨ ᠠᠩᠭᠢ ᠵᠠᠩᠵᠤᠨ ᠴᠡᠷᠢᠭ ᠲᠦ᠍ᠷ ᠴᠥᠮ ᠬᠦᠨᠳᠦᠳᠡ ᠱᠠᠩᠨᠠᠵᠤ ᠳᠡᠪᠰᠢᠭᠦᠯᠦᠨ ᠡᠷᠭᠦᠮᠵᠢᠯᠡᠭᠡᠳ ᠬᠤ᠌ ᠱᠠ ᠬᠤ᠌ ᠳ᠋ᠤᠷ ᠶᠠᠯ᠎ᠠ ᠤᠨᠠᠭᠠᠨ ᠬᠡᠷᠬᠡᠮ ᠢ᠋ ᠡᠪᠳᠡᠵᠦ ᠶᠠᠰᠤᠨ ᠢ᠋ ᠲᠡᠷᠭᠡᠨ ᠦ᠌ ᠬᠣᠪᠬᠢᠯ ᠳ᠋ᠤᠷ ᠭᠡᠭᠡᠪᠡ᠃

– – – –
① ᠡᠨᠡ ᠬᠣᠶᠠᠷ ᠨᠡᠷ᠎ᠡ ᠶᠢ 《ᠭᠠᠩ ᠮᠦ᠍ ᠪᠢᠴᠢᠭ 》 ᠲᠣᠷ ᠾᠧᠢ ᠱᠢ ᠪᠦ᠋ᠸᠸ ᠴᠠ ᠬᠡᠮᠡᠨ᠂ 《 ᠶᠤᠸᠠᠨ ᠤ ᠰᠤᠳᠤᠷ》ᠲᠣᠷ ᠭᠦ ᠳᠠ ᠪᠦ ᠴᠠ ᠭᠡᠵᠦ ᠬᠠᠯᠠᠭᠤᠷᠠᠨ ᠪᠢᠴᠢᠵᠦᠬᠦᠢ᠃

       ᠲᠡᠨᠳᠡᠴᠡ ᠮᠣᠩᠭᠣᠯ ᠤ᠋ᠨ ᠵᠠᠩᠵᠤᠨ ᠸᠠᠩ ᠵᠢᠢ ᠮᠣᠩᠭᠣᠯ ᠬᠢᠲᠠᠳ ᠬᠣᠶᠠᠷ ᠵᠠᠮ ᠤ᠋ᠨ ᠴᠡᠷᠢᠭ ᠢ᠋ ᠠᠪᠴᠤ ᠳᠥᠷᠪᠡᠨ ᠵᠦᠭ ᠨᠠᠢ᠍ᠮᠠᠨ ᠵᠣᠪᠬᠢᠰ ᠳᠠᠢᠯᠠᠨ ᠶᠠᠪᠤᠵᠤ᠂ ᠮᠣᠩᠭᠣᠯ ᠤ᠋ᠨ ᠳᠥᠷᠪᠡᠨ ᠠᠩᠭᠢ ᠴᠡᠷᠢᠭ ᠠᠯᠲᠠᠨ ᠤᠯᠤᠰ ᠤ᠋ᠨ ᠭᠠᠵᠠᠷ ᠪᠦᠷᠢ ᠳ᠋ᠦ᠍ᠷ ᠳᠥᠭᠥᠷᠦᠨ ᠣᠯᠠᠨ ᠠᠷᠠᠳ ᠳᠤᠲᠠᠭᠠᠨ ᠵᠠᠢᠯᠠᠬᠤ ᠭᠠᠵᠠᠷ ᠦᠭᠡᠢ ᠪᠣᠯᠵᠤ᠂ ᠮᠤᠬᠤᠯᠢ ᠪᠠᠰᠠ ᠬᠠᠳᠠᠨ ᠴᠡᠷᠢᠭ ᠲᠦ᠍ᠷ ᠤᠴᠠᠷᠠᠨ ᠠᠷᠭ᠎ᠠ ᠶ᠋ᠢ ᠬᠡᠷᠡᠭᠯᠡᠵᠦ ᠪᠠᠢᠯᠳᠤᠨ ᠶᠠᠪᠤᠵᠤ᠂ ᠠᠯᠲᠠᠨ ᠤᠯᠤᠰ ᠢ᠋ ᠰᠠᠯᠪᠠᠷᠠᠭᠤᠯᠬᠤᠢ ᠳ᠋ᠤᠷ ᠲᠤᠯᠵᠤ᠂ ᠬᠠᠪᠴᠢᠨ ᠡᠪᠳᠡᠬᠦᠢ ᠳ᠋ᠦ᠍ᠷ ᠵᠦᠩ ᠴᠠᠩ  ᠹᠦ ᠶ᠋ᠢᠨ ᠬᠣᠲᠠᠨ ᠤ᠋ ᠳᠣᠲᠣᠭᠠᠳᠤ ᠶ᠋ᠢᠨ ᠨᠢᠭᠡᠨ ᠪᠠᠶᠠᠨ ᠢᠷᠭᠡᠨ ᠣᠪᠣᠭ ᠱᠢ᠂ᠨᠡᠷ᠎ᠡ ᠫᠢᠩ ᡁᠢ᠂ ᠤᠭᠰᠠᠭ᠎ᠠ ᠲᠥᠷᠥᠯ ᠤᠷᠤᠭ ᠰᠠᠳᠤᠨ ᠨᠡᠢᠲᠡ ᠪᠡᠨ ᠴᠤᠭᠯᠠᠭᠤᠯᠵᠤ ᠵᠥᠪᠳᠡᠨ ᠥᠭᠦᠯᠡᠷᠦᠨ :《ᠠᠯᠲᠠᠨ ᠤᠯᠤᠰ ᠲᠡᠭᠷᠢ ᠳ᠋ᠦ᠍ᠷ ᠬᠠᠯᠳᠠᠵᠤ ᠮᠠᠨ ᠤ᠋ ᠤᠯᠤᠰ ᠮᠥᠬᠥᠬᠦ ᠳ᠋ᠦ᠍ᠷ ᠬᠦᠷᠪᠡ᠃ ᠡᠳᠦᠭᠡ ᠤᠯᠤᠰ ᠡᠪᠳᠡᠷᠡᠨ ᠭᠡᠷ ᠮᠥᠬᠥᠬᠦ ᠢᠨᠦ ᠨᠢᠳᠦᠨ ᠡᠮᠦᠨ᠎ᠡ ᠪᠣᠯᠪᠠ᠂ ᠲᠡᠭᠷᠢ ᠶ᠋ᠢᠨ ᠰᠠᠨᠠᠭᠠᠨ ᠢ᠋ ᠳᠠᠭᠠᠵᠤ ᠮᠣᠩᠭᠣᠯ ᠳ᠋ᠤᠷ ᠳᠠᠭᠠᠪᠠᠰᠤ ᠠᠮᠢᠨ ᠢ᠋ ᠭᠡᠲᠦᠯᠵᠦ ᠭᠡᠷ ᠢ᠋ ᠬᠠᠮᠠᠭᠠᠯᠠᠵᠤ ᠪᠣᠯᠤᠮᠤᠢ᠃ ᠮᠢᠨᠦ ᠭᠡᠷ ᠦ᠋ᠨ ᠵᠠᠭᠤᠨ ᠢᠯᠡᠭᠦᠦ ᠬᠥᠮᠦᠨ ᠢ᠋ ᠬᠡᠷᠬᠢᠨ ᠬᠠᠮᠠᠭᠠᠯᠠᠨ ᠴᠢᠳᠠᠬᠤ ? ᠲᠡᠢᠨ ᠬᠦ᠌ ᠲᠡᠭᠷᠢ ᠪᠡᠷ ᠬᠠᠮᠠᠭᠠᠯᠠᠭᠤᠯᠤᠨ ᠳᠠᠭᠠᠪᠠᠰᠤ ᠵᠣᠪᠠᠯᠠᠩ ᠠ᠋ᠴᠠ ᠭᠡᠲᠦᠯᠵᠦ ᠪᠣᠯᠣᠮᠢ ! 》ᠬᠡᠮᠡᠭᠰᠡᠨ ᠳ᠋ᠦ᠍ᠷ᠂ ᠣᠷᠴᠢᠮ ᠤ᠋ᠨ ᠠᠷᠠᠳ ᠰᠣᠨᠣᠰᠴᠤ ᠬᠠᠮᠲᠤ ᠠᠮᠢᠨ ᠭᠡᠲᠦᠯᠬᠦ ᠶ᠋ᠢ ᠭᠤᠶᠤᠬᠤᠢ ᠳ᠋ᠤᠷ ᠱᠢ ᠫᠢᠩ ᡁᠢ ᠳᠠᠷᠤᠢ ᠬᠡᠳᠦᠨ ᠮᠢᠩᠭᠠᠨ ᠬᠥᠮᠦᠨ ᠢ᠋ ᠠᠪᠴᠤ ᠮᠣᠩᠭᠣᠯ ᠤ᠋ᠨ ᠶᠡᠬᠡ ᠶᠤᠸᠠᠨᠱᠤᠸᠠᠢ ᠮᠤᠬᠤᠯᠠᠢ ᠤᠭᠲᠤᠨ ᠢᠷᠡᠵᠦ᠂ ᠴᠡᠷᠢᠭ ᠦ᠋ᠨ ᠬᠦᠷᠢᠶ᠎ᠡ ᠳ᠋ᠦ᠍ᠷ ᠣᠷᠣᠵᠤ ᠳᠠᠭᠠᠭᠰᠠᠨ ᠳ᠋ᠤᠷ ᠮᠤᠬᠤᠯᠢ ᠲᠡᠭᠷᠢ ᠶ᠋ᠢᠨ ᠴᠠᠭ ᠢ᠋ ᠮᠡᠳᠡᠭᠰᠡᠨ ᠰᠢᠳᠤᠷᠭᠤ ᠢᠷᠭᠡᠨ ᠭᠡᠮᠡᠨ ᠱᠢ ᠫᠢᠩ ᡁᠢ ᠶ᠋ᠢ ᠵᠡᠷᠭᠡ ᠬᠡᠷᠬᠡᠮ ᠡᠷᠭᠦᠮᠵᠢᠯᠡᠰᠦᠭᠡᠢ ᠬᠡᠮᠡᠬᠦᠢ ᠳ᠋ᠦ᠍ᠷ᠂ ᠱᠢ ᠫᠢᠩ ᡁᠢ ᠥᠲᠡᠯᠪᠡ ᠭᠡᠮᠡᠨ ᠮᠠᠷᠭᠤᠬᠤᠢ ᠳ᠋ᠤᠷ ᠲᠡᠭᠦᠨ ᠦ᠌ ᠬᠥᠪᠡᠭᠦᠨ ᠲᠢᠶᠠᠨ ᠡᠯ ᠳ᠋ᠦ᠍ᠷ ᠸᠠᠨ ᠬᠤ᠌ ᠾᠧᠦ – ᠲᠦᠮᠡᠨ ᠡᠷᠦᠬᠡ ᠶ᠋ᠢᠨ ᠾᠧᠦ ᠴᠣᠯᠠ ᠬᠠᠢᠷᠠᠯᠠᠪᠠ᠃  ᠲᠡᠳᠦᠢ ᠲᠡᠳᠡᠨ ᠦ᠌ ᠳᠣᠯᠣᠭᠠᠨ ᠲᠦᠮᠡᠨ ᠠᠮᠠᠨ ᠢ᠋ ᠵᠣᠪᠠᠯᠠᠩ ᠠ᠋ᠴᠠ ᠵᠠᠢᠯᠠᠭᠤᠯᠤᠨ ᠡᠮ᠎ᠡ ᠦᠷ᠎ᠡ ᠶ᠋ᠢ  ᠢᠨᠤ ᠮᠥᠨ ᠨᠡᠭᠦᠯᠭᠡᠨ ᠠᠴᠢᠷᠠᠵᠤ ᠠᠮᠤᠷ ᠲᠦᠪᠰᠢᠨ ᠪᠣᠯᠭᠠᠨ ᠫᠢᠩ ᠵᠧᠦ ᠳ᠋ᠦ᠍ᠷ ᠪᠠᠭᠤᠯᠭᠠᠪᠠᠢ᠃ ᠡᠨᠡ ᠦᠶ᠎ᠡ ᠳ᠋ᠦ᠍ ᠮᠣᠩᠭᠣᠯ ᠳ᠋ᠤᠷ ᠳᠠᠭᠠᠭᠰᠠᠨ ᠢᠷᠭᠡᠳ ᠲᠦᠰᠢᠮᠡᠳ ᠢ᠋ ᠬᠠᠭᠠᠨ  ᠳ᠋ᠦᠲ᠋ᠦ᠋ᠩ ᠡᠷᠭᠦᠮᠵᠢᠯᠡᠵᠦ᠂ ᠵᠠᠩ ᠹᠦ ᠢᠦᠢ᠂ ᠯᠢᠦ ᠪᠦᠸᠧ ᠯᠢᠨ ᠦ᠌ ᠴᠡᠷᠢᠭ ᠣᠯᠠᠨ ᠮᠣᠩᠭᠣᠯ ᠤ᠋ᠨ ᠴᠡᠷᠢᠭ ᠳᠥᠷᠪᠡᠨ ᠠᠩᠭᠢ ᠪᠠᠷ ᠬᠤᠪᠢᠶᠠᠨ᠂ ᠪᠠᠰᠠ ᠯᠢᠶᠣᠤ ᠳ᠋ᠦᠩ᠂ ᠰᠢᠶᠠ ᠤᠯᠤᠰ ᠤ᠋ᠨ ᠴᠡᠷᠢᠭ ᠲᠡᠢ ᠨᠡᠢᠲᠡ ᠵᠢᠷᠭᠤᠭᠠᠨ ᠠᠩᠭᠢ ᠴᠡᠷᠢᠭ ᠲᠦ᠍ᠷ ᠠᠯᠲᠠᠨ ᠤᠯᠤᠰ ᠡᠴᠢᠬᠦ ᠭᠠᠵᠠᠷ ᠦᠭᠡᠢ ᠪᠣᠯᠵᠤᠬᠤᠢ᠃ 
       ᠲᠡᠳᠦᠢ ᠬᠥᠬᠡᠭᠡ ᠰᠠᠷ᠎ᠠ ᠳ᠋ᠤ᠌ ᠵᠣᠴᠢ᠂ ᠴᠠᠭᠠᠲᠠᠢ᠂ ᠥᠭᠡᠳᠡᠢ ᠭᠤᠷᠪᠠᠨ ᠲᠠᠢᠽᠢ ᠴᠢᠨ ᠸᠠᠩ ᠤ᠋ᠨ ᠴᠡᠷᠢᠭ ᠲᠠᠢᠱᠠᠨ ᠠᠭᠤᠯᠠ ᠠ᠋ᠴᠠ ᠡᠮᠦᠨᠡᠰᠢ ᠪᠤᠤ ᠵᠧᠦ᠂ ᠶᠦᠩ ᠱᠠᠨ ᠰᠢᠩ᠂ ᠯᠦᠸᠧ ᠼᠢ ᠰᠢᠶᠠᠩ᠂ ᠸᠧᠢ ᠾᠦᠢ᠂ ᠬᠤᠸᠠᠢ ᠮᠧᠩ᠂ ᠰᠢᠦᠢ ᠵᠧᠦ᠂ ᠨᠠᠨ ᠵᠧᠦ᠂ ᠰᠦ᠍ ᠵᠧᠦ᠂ ᠳ᠋ᠢᠩ ᠵᠧᠦ᠂ᠮᠧᠩ ᠵᠧᠦ᠂ ᠰᠧ ᠵᠧᠦ᠂ ᠰᠢᠶᠠᠩ ᠵᠧᠦ᠂ ᠸᠧᠢ ᠵᠧᠦ᠂ ᠾᠦᠢ ᠵᠧᠦ᠂ ᠬᠤᠸᠠᠢ ᠵᠧᠦ᠂ ᠰᠢᠷ᠎ᠠ ᠮᠥᠷᠡᠨ ᠲᠤᠯᠲᠠᠯ᠎ᠠ ᠠᠪᠬᠤᠢ ᠳ᠋ᠤᠷ ᠮᠣᠩᠭᠣᠯ ᠤ᠋ᠨ ᠨᠡᠷ᠎ᠡ ᠬᠡᠲᠦᠷᠬᠡᠶ᠎ᠡ ᠮᠠᠨᠳᠤᠭᠰᠠᠨ ᠳ᠋ᠤᠷ ᠲᠦᠰᠢᠮᠡᠯ ᠴᠡᠷᠢᠭ ᠨᠡᠩᠳᠡ ᠲᠡᠭᠷᠢ ᠡᠴᠡ ᠪᠠᠭᠤᠭᠰᠠᠨ ᠮᠡᠲᠦ ᠦᠵᠡᠵᠦ᠂ ᠬᠣᠲᠠ ᠪᠦᠷᠢ ᠳ᠋ᠦ᠍ᠷ ᠬᠥᠭᠵᠢᠮ ᠡᠭᠦᠰᠬᠡᠨ᠂ ᠡᠭᠦᠳᠡ ᠪᠦᠷᠢ ᠳ᠋ᠦ᠍ᠷ ᠬᠦᠵᠢ ᠰᠢᠲᠠᠭᠠᠨ᠂ ᠵᠠᠮ ᠳᠠᠷᠠᠭᠠᠯᠠᠨ ᠬᠦᠨᠡᠰᠦ ᠪᠠᠷᠢᠵᠤ᠂ ᠭᠠᠵᠠᠷ ᠪᠦᠷᠢ ᠡᠴᠡ ᠪᠤᠳᠠᠭ᠎ᠠ ᠬᠦᠷᠭᠡᠨ᠂ ᠲᠦᠰᠢᠮᠡᠯ ᠲᠥᠰᠢᠶ᠎ᠡ ᠢᠨᠤ ᠲᠣᠰᠴᠤ ᠤᠭᠲᠤᠨ ᠮᠥᠷᠭᠥᠵᠦ᠂ ᠠᠯᠲᠠᠨ ᠤᠯᠤᠰ ᠤ᠋ᠨ ᠳᠣᠲᠣᠷ᠎ᠠ ᠲᠦᠪᠰᠢᠨ ᠭᠠᠵᠠᠷ ᠶᠠᠪᠤᠬᠤ ᠮᠡᠲᠦ ᠬᠦᠷᠴᠦ ᠡᠴᠢᠪᠡ᠃ ᠮᠣᠩᠭᠣᠯ ᠤ᠋ᠨ ᠴᠡᠷᠢᠭ ᠬᠣᠲᠠ ᠳ᠋ᠤᠷ ᠣᠷᠣᠬᠤᠢ ᠳ᠋ᠤᠷ ᠬᠣᠲᠠ ᠶ᠋ᠢᠨ ᠬᠠᠭᠠᠯᠭ᠎ᠠ ᠶ᠋ᠢ ᠭᠠᠯ ᠲᠠᠯᠪᠢᠨ᠂ ᠵᠠᠷᠢᠮ ᠠᠨᠤ ᠲᠦᠰᠢᠮᠡᠯ ᠢᠷᠭᠡᠨ ᠢ᠋ ᠦᠯᠡᠳᠡᠭᠡᠯ ᠦᠭᠡᠢ ᠠᠯᠠᠬᠤ ᠲᠤᠯᠠ ᠨᠡᠷ᠎ᠡ ᠰᠦᠷ ᠪᠠᠳᠠᠷᠠᠵᠤ᠂ ᠬᠡᠳᠦᠢ ᠬᠠᠷᠢᠭᠤᠴᠠᠨ ᠲᠤᠯᠵᠤ ᠴᠢᠳᠠᠬᠤ ᠬᠣᠲᠠ ᠪᠣᠯᠪᠠᠴᠤ ᠠᠶᠤᠮᠰᠢᠭ᠋ ᠦᠭᠡᠢ ᠦᠯᠦ ᠬᠠᠯᠳᠠᠮᠤᠢ᠃ ᠵᠠᠷᠢᠮ ᠤ᠋ᠳ ᠪᠠᠬᠠᠨ ᠬᠠᠯᠳᠠᠰᠤᠭᠠᠢ ᠭᠡᠮᠡᠨ ᠭ᠍ᠡᠷᠪᠠᠰᠤ ᠬᠣᠲᠠ ᠶ᠋ᠢᠨ ᠣᠯᠠᠨ ᠢᠷᠭᠡᠨ ᠢᠨᠤ  ᠤᠷᠪᠠᠵᠤ᠂ ᠬᠣᠲᠠᠨ ᠤ᠋ ᠨᠣᠶᠠᠨ ᠢ᠋ᠶ᠋ᠠᠨ ᠠᠯᠠᠬᠤ ᠲᠤᠯᠠ ᠨᠡᠩ ᠠᠶᠤᠮᠰᠢᠭ᠋ ᠦᠭᠡᠢ ᠬᠠᠯᠳᠠᠬᠤ ᠬᠥᠮᠦᠨ ᠦᠭᠡᠢ ᠪᠣᠯᠪᠠ᠃ 
       ᠲᠡᠳᠦᠢ ᠴᠡᠷᠢᠭ ᠢ᠋ ᠱᠠᠨ ᠰᠢ ᠪᠡᠷ ᠥᠩᠭᠡᠷᠡᠬᠦᠢ ᠳ᠋ᠦ᠍ᠷ ᠮᠣᠵᠢ ᠶ᠋ᠢᠨ ᠶᠡᠬᠡ ᠪᠠᠶᠠᠴᠤᠳ ᠡᠳ᠋ ᠦ᠋ᠨ ᠬᠦᠴᠦᠨ ᠳ᠋ᠦ᠍ᠷ ᠡᠷᠡᠮᠰᠢᠵᠦ ᠪᠠᠬᠠᠨ ᠬᠠᠷᠢᠭᠤᠴᠠᠭᠰᠠᠨ ᠳ᠋ᠤᠷ᠂ ᠭᠤᠷᠪᠠᠨ ᠲᠠᠢᠰᠢ ᠭᠤᠷᠪᠠᠨ ᠲᠠᠢᠪᠤᠤ ᠠᠷᠪᠠᠨ ᠲᠠᠢᠹᠦ᠋ ᠲᠠᠪᠤᠨ ᠲᠦᠮᠡᠨ ᠴᠡᠷᠢᠭ ᠭᠡᠨᠡᠳᠲᠡ ᠬᠡᠩᠭᠡᠷᠭᠡ ᠴᠣᠬᠢᠵᠤ ᠬᠤᠲᠠᠨ᠎ᠠ ᠣᠷᠣᠵᠤ ᠂ ᠱᠠᠨ ᠰᠢ ᠮᠣᠵᠢ ᠶ᠋ᠢᠨ ᠫᠢᠩ ᠹᠦ᠂ ᠲᠡᠢ ᠶᠤᠸᠠᠨ ᠹᠦ ᠡᠨᠡ ᠬᠣᠶᠠᠷ ᠭᠠᠵᠠᠷ ᠢ᠋ ᠨᠢᠭᠡᠨᠲᠡ ᠲᠡᠭᠰᠢᠯᠡᠭᠡᠳ ᠡᠳ᠋ ᠲᠠᠸᠠᠷ ᠡᠮ᠎ᠡ ᠬᠡᠦᠬᠡᠳ ᠢ᠋ ᠴᠢᠬᠢᠷᠰᠦ ᠣᠷᠢᠶᠠᠵᠤ ᠢᠰᠡᠭᠡᠢ ᠡᠪᠬᠡᠬᠦ ᠮᠡᠲᠦ ᠠᠷᠢᠯᠲᠠᠯ᠎ᠠ ᠱᠦᠭᠦᠷᠳᠡᠨ ᠠᠪᠴᠤ ᠡᠭᠡᠵᠦ ᠢᠷᠡᠬᠦᠢ ᠳ᠋ᠦ᠍ᠷ ᠵᠠᠮ ᠳᠠᠭᠠᠷᠢᠨ ᠸᠠᠨ ᠵᠧᠦ᠂ ᠱᠢ ᠵᠧᠦ᠂ ᠯᠠᠨᠵᠧᠦ᠂ ᠰᠢᠨ ᠵᠧᠦ᠂ ᠳ᠋ᠠᠢ ᠵᠧᠦ ᠡᠨᠡ ᠵᠢᠷᠭᠤᠭᠠᠨ ᠬᠣᠲᠠᠨ ᠢ᠋ ᠪᠠᠢᠯᠳᠤᠨ ᠠᠪᠴᠤ ᠭᠠᠵᠠᠷ ᠪᠦᠷᠢ ᠶ᠋ᠢ ᠮᠥᠨ ᠢᠷᠭᠡᠨ ᠢ᠋ ᠲᠦᠰᠢᠮᠡᠯ ᠢ᠋ᠶ᠋ᠡᠷ ᠰᠠᠬᠢᠭᠤᠯᠵᠤ᠂ᠬᠡᠷᠪᠡ ᠤᠷᠭᠤᠵᠤ ᠬᠤᠯᠠᠭᠤᠪᠠᠰᠤ ᠡᠷᠬᠡᠪᠰᠢ ᠰᠠᠢᠨ ᠮᠠᠭᠤ ᠶ᠋ᠢ ᠢᠯᠭᠠᠬᠤ ᠦᠭᠡᠢ ᠪᠠᠷᠠᠲᠠᠯ᠎ᠠ ᠠᠯᠠᠮᠤᠢ ᠬᠡᠮᠡᠬᠦᠢ ᠳ᠋ᠦ᠍ᠷ ᠦᠨᠡᠬᠡᠷ ᠠᠶᠤᠵᠤ ᠵᠥᠷᠢᠴᠡᠭᠴᠢᠳ ᠦᠭᠡᠢ ᠪᠣᠯᠪᠠ᠃ ᠬᠠᠰᠠᠷ᠂ ᠪᠡᠯᠭᠦᠳᠡᠢ ᠬᠣᠶᠠᠷ ᠴᠢᠨ ᠸᠠᠩ ᠭᠤᠷᠪᠠᠨ ᠲᠠᠢᠪᠤᠤ ᠠᠷᠪᠠᠨ ᠲᠠᠢᠹᠦ᠋ ᠨᠠᠷ ᠲᠠᠪᠤᠨ ᠲᠦᠮᠡᠨ ᠴᠡᠷᠢᠭ ᠢ᠋ᠶ᠋ᠡᠨ ᠠᠪᠴᠤ ᠳᠠᠯᠠᠢ ᠶ᠋ᠢᠨ ᠬᠥᠪᠡᠭᠡ ᠪᠡᠷ ᠶᠠᠪᠤᠵᠤ ᠳᠣᠷᠣᠨ᠎ᠠ ᠵᠦᠭ ᠵᠣᠷᠢᠵᠤ ᠽᠦᠨ ᠬᠠᠢ ᠠ᠋ᠴᠠ ᠵᠡᠭᠦᠨᠰᠢ ᠽᠦᠨ ᠬᠤᠸᠠ᠂ ᠵᠢᠢ ᠵᠧᠦ᠂ ᠫᠢᠩ ᠵᠧᠦ᠂ ᠯᠤᠸᠠᠨ ᠵᠧᠦ᠂ ᠯᠢᠦ ᠰᠢ ᠡᠨᠡ ᠳᠥᠷᠪᠡᠨ ᠶᠡᠬᠡ ᠭᠠᠵᠠᠷ ᠢ᠋ ᠣᠯᠵᠤ ᠣᠯᠠᠨ ᠬᠣᠲᠠᠨ ᠢ᠋ ᠠᠪᠤᠪᠠ᠃  ᠲᠠᠢᠽᠦ ᠴᠢᠩᠭᠢᠰ ᠬᠠᠭᠠᠨ ᠨᠢᠭᠡᠨ ᠲᠠᠢᠰᠢ᠂ ᠹᠦ ᠮᠠ᠋ ᠴᠡᠴᠡᠭ ᠨᠠᠷ ᠪᠠ ᠣᠯᠠᠨ ᠲᠠᠢᠪᠤᠤ᠂ ᠲᠠᠢᠹᠦ᠋ ᠨᠠᠷ ᠢ᠋ ᠠᠪᠴᠤ ᠳᠤᠮᠳᠠᠳᠤ ᠵᠠᠮ ᠳ᠋ᠤᠷ ᠣᠷᠣᠵᠤ ᠰᠢᠶᠦ᠋ᠩ ᠮᠦ᠍᠂ ᠴᠠᠩ ᠼᠠᠩ᠂ ᠵᠢᠩ ᠰᠢᠶᠠᠨ᠂ ᠾᠧᠦ ᠵᠢᠶᠠᠨ᠂ ᠪᠢᠨ ᡁᠢ᠂ ᠵᠢᠢ ᠨᠠᠨ ᠵᠡᠷᠭᠡ ᠶ᠋ᠢᠨ ᠭᠠᠵᠠᠷ ᠤ᠋ᠨ ᠵᠦᠩ ᠵᠧᠦ᠂ ᠺᠠᠩ ᠵᠧᠦ᠂ ᠮᠣᠤ ᠵᠧᠦ᠂ ᠠᠨ ᠵᠧᠦ᠂ ᠾᠧ ᠵᠢᠶᠠᠨ ᠱᠸᠩ᠂ ᠵᠢᠢ ᠵᠧᠦ᠂ ᠢᠩ ᠵᠧᠦ᠂ ᠰᠢᠶᠠᠨ ᠵᠧᠦ᠂  ᠱᠸᠨ ᠵᠧᠦ ᠰᠢᠩ᠂ ᠯᠢ ᠵᠧᠦ᠂ ᠢ ᠵᠧᠦ᠂ ᠨᠠᠨ ᠵᠧᠦ᠂ ᠹᠦ ᠵᠧᠦ᠂ ᠭᠠᠢ ᠵᠧᠦ᠂ ᠬᠤᠸᠠᠨ ᠵᠧᠦ᠂ ᠪᠤ᠌ ᠵᠧᠦ᠂ ᠲᠡᠢ ᠠᠨ ᠹᠦ᠂  ᠵᠢᠢ ᠨᠠᠨ ᠹᠦ᠂ ᠪᠢᠨ ᠵᠧᠦ᠂ ᠯᠠᠢ ᠵᠧᠦ᠂ ᠨᠢ ᠳ᠋ᠦ᠍᠂ ᠽᠢ ᠵᠧᠦ᠂ ᠸᠠᠢ ᠵᠧᠦ᠂ ᠳ᠋ᠧᠩ ᠵᠧᠦ ᠵᠡᠷᠭᠡ ᠡᠨᠡ ᠬᠣᠷᠢᠨ ᠵᠢᠷᠭᠤᠭᠠᠨ ᠬᠣᠲᠠᠨ ᠢ᠋ ᠠᠪᠬᠤᠢ ᠳ᠋ᠤᠷ ᠡᠳᠡᠭᠡᠷ ᠬᠣᠲᠠ ᠴᠥᠮ ᠤᠭᠲᠤᠨ ᠮᠥᠷᠭᠥᠵᠦ ᠳᠠᠭᠠᠭᠰᠠᠨ ᠳ᠋ᠤᠷ ᠭᠠᠭᠴᠠ ᠽᠧ ᠵᠧᠦ ᠬᠣᠲᠠ ᠪᠠᠲᠤᠯᠠᠨ ᠰᠠᠬᠢᠵᠤ ᠳᠠᠭᠠᠭᠰᠠᠨ ᠦᠭᠡᠢ᠃ᠡᠨᠡ ᠦᠶ᠎ᠡ ᠳ᠋ᠦ᠍ᠷ ᠮᠤᠬᠤᠯᠢ ᠬᠡᠳᠦᠢᠨᠡᠢ ᠵᠦᠩᠳᠦ᠋ ᠶ᠋ᠢ ᠰᠠᠬᠢᠵᠤ᠂ ᠣᠯᠠᠨ ᠬᠣᠲᠠᠨ ᠢ᠋ ᠬᠤᠷᠢᠶᠠᠵᠤ ᠲᠦᠷᠭᠡᠨ ᠬᠠᠭᠠᠨ ᠤ᠋ ᠬᠣᠢᠨ᠎ᠠ ᠠ᠋ᠴᠠ ᠮᠡᠳᠡᠭᠡ ᠪᠠᠷᠢᠭᠰᠠᠨ ᠲᠤᠯᠠ ᠬᠠᠭᠠᠨ ᠵᠠᠷᠯᠢᠭ ᠪᠣᠯᠤᠷᠤᠨ :《ᠪᠢ ᠳᠤᠮᠳᠠᠳᠤ ᠵᠠᠮ ᠢ᠋ᠶ᠋ᠠᠷ ᠡᠮᠦᠨ᠎ᠡ ᠵᠦᠭ ᠣᠷᠣᠵᠤ ᠬᠣᠷᠢᠨ ᠨᠠᠢ᠍ᠮᠠᠨ ᠵᠧᠦ ᠰᠢᠶᠠᠨ᠂ ᠹᠦ ᠵᠢᠶᠤᠨ ᠢ᠋ ᠠᠪᠬᠤᠢ ᠳ᠋ᠤᠷ ᠨᠡᠢᠲᠡ ᠪᠡᠷ ᠴᠥᠮ ᠲᠡᠭᠷᠢ ᠶ᠋ᠢᠨ ᠴᠠᠭ ᠢ᠋ ᠳᠠᠭᠠᠵᠤ ᠰᠠᠯᠬᠢᠨ ᠤ᠋ ᠠᠶ᠎ᠠ ᠪᠠᠷ ᠣᠷᠣᠨ ᠢᠷᠡᠵᠦ ᠮᠥᠷᠭᠥᠨ ᠳᠠᠭᠠᠵᠤ ᠤᠳᠤᠷᠢᠳᠤᠨ ᠬᠣᠲᠠ ᠪᠠᠨ ᠡᠷᠭᠦᠵᠦ ᠪᠠᠢᠲᠠᠯ᠎ᠠ ᠭᠠᠭᠴᠠ ᠡᠨᠡ ᠽᠧ ᠵᠧᠦ ᠶ᠋ᠢᠨ ᠬᠣᠲᠠ ᠶ᠋ᠢ ᠰᠠᠬᠢᠬᠤ ᠶ᠋ᠢᠢ ᠴᠢ ᠽᠢ ᠲᠦᠰᠢᠮᠡᠯ ᠬᠣᠲᠠᠨ ᠤ᠋ ᠳᠡᠭᠡᠷ᠎ᠡ ᠪᠡᠨ ᠮᠠᠭᠤ ᠦᠭᠡ ᠪᠡᠷ ᠬᠠᠷᠢᠶᠠᠨ ᠮᠢᠨᠦ ᠲᠡᠷᠢᠭᠦᠯᠡᠨ ᠬᠣᠲᠠ ᠶ᠋ᠢ ᠳᠠᠪᠠᠭᠰᠠᠨ ᠬᠡᠳᠦ ᠬᠡᠳᠦᠨ ᠵᠠᠩᠵᠤᠨ ᠢ᠋ ᠰᠢᠷᠬᠠᠲᠤᠭᠤᠯᠵᠤ ᠥᠴᠦᠬᠡᠨ ᠴᠦ᠍ ᠪᠢᠰᠢᠷᠡᠬᠦ ᠦᠭᠡᠢ ᠪᠥᠭᠡᠳ ᠬᠣᠲᠠ ᠶ᠋ᠢᠨ ᠣᠯᠠᠨ ᠢᠷᠭᠡᠨ ᠴᠥᠮ ᠡᠮ᠎ᠡ ᠦᠷ᠎ᠡ ᠲᠡᠢ ᠬᠣᠲᠠᠨ ᠤ᠋ ᠳᠡᠭᠡᠷ᠎ᠡ ᠡᠴᠡ ᠮᠠᠭᠤ ᠦᠭᠡ ᠪᠡᠷ ᠬᠠᠷᠢᠶᠠᠭᠰᠠᠨ ᠲᠤᠯᠠ ᠶᠤᠸᠠᠨᠱᠤᠸᠠᠢ ᠡᠷᠬᠡᠪᠰᠢ ᠡᠨᠡ ᠬᠣᠲᠠᠨ ᠢ᠋ ᠠᠪᠴᠤ ᠣᠳᠣ ᠮᠠᠨ ᠤ᠋ ᠤᠷᠤᠭᠰᠢ ᠵᠠᠮ ᠢ᠋ ᠭᠢᠰᠬᠢᠵᠦ ᠲᠡᠭᠰᠢᠯᠡᠭᠦᠯ᠂ ᠮᠢᠨᠦ ᠠᠭᠤᠷ ᠢ᠋ ᠭᠠᠷᠭᠠᠵᠤ ᠰᠦᠷ ᠢ᠋ ᠮᠢᠨᠦ ᠪᠠᠳᠠᠷᠠᠭᠤᠯ᠃ ᠡᠳᠡᠭᠡᠷ ᠢ᠋ ᠥᠪᠡᠷ ᠢ᠋ᠶ᠋ᠠᠨ ᠰᠠᠬᠢᠨ ᠣᠯᠠᠨ ᠬᠣᠲᠠ ᠶ᠋ᠢ ᠰᠠᠢᠬᠠᠨ ᠪᠠᠲᠤᠳᠬ᠎ᠠ᠃ ᠡᠨᠡ ᠢᠨᠤ ᠠᠷᠭ᠎ᠠ ᠦᠭᠡᠢ ᠬᠡᠷᠡᠭ᠂ ᠬᠣᠷᠢᠨ ᠨᠠᠢ᠍ᠮᠠᠨ ᠬᠣᠲᠠᠨ ᠠ᠋ᠴᠠ ᠲᠡᠷᠡ ᠭᠠᠭᠴᠠᠭᠠᠷ ᠡᠨᠡ ᠮᠡᠲᠦ ᠢᠨᠦ ᠮᠢᠨᠦ ᠪᠦᠲᠦᠭᠡᠬᠦ ᠳᠡᠯᠡᠬᠡᠢ ᠳ᠋ᠠᠬᠢᠨ ᠢ᠋ ᠡᠪᠳᠡᠬᠦ ᠲᠤᠯᠠ ᠲᠡᠭᠷᠢ ᠶ᠋ᠢ ᠰᠥᠷᠦᠭᠰᠡᠨ ᠶᠡᠬᠡ ᠶᠠᠯ᠎ᠠ ᠳ᠋ᠤᠷ ᠴᠥᠮ ᠠᠯᠠ ! 》 ᠭᠡᠮᠡᠨ ᠴᠢᠩᠳᠠ ᠵᠠᠷᠯᠢᠭ ᠪᠣᠯᠤᠨ ᠰᠣᠶᠣᠷᠬᠠᠭᠰᠠᠨ ᠳ᠋ᠤᠷ ᠮᠤᠬᠤᠯᠢ ᠬᠠᠭᠠᠨ ᠤ᠋ ᠬᠢᠯᠢᠩ ᠠᠰᠤᠷᠤ ᠬᠠᠲᠠᠭᠤ ᠲᠤᠯᠠ ᠠᠶᠤᠮᠰᠢᠭ᠋ ᠦᠭᠡᠢ ᠬᠣᠷᠢᠭᠯᠠᠨ ᠴᠢᠳᠠᠭᠰᠠᠨ ᠦᠭᠡᠢ᠂ᠲᠠᠪᠤᠨ ᠪᠠᠷᠰ ᠤ᠋ᠨ ᠵᠠᠩᠵᠤᠨ᠂ ᠭᠤᠷᠪᠠᠨ ᠪᠠᠭ᠎ᠠ ᠵᠠᠩᠵᠤᠨ ᠨᠠᠷ ᠢ᠋ ᠠᠪᠴᠤ ᠡᠭᠦᠯᠡᠨ ᠱᠠᠲᠤ ᠶ᠋ᠢᠨ ᠳᠥᠷᠪᠡᠨ ᠵᠠᠭᠤᠨ ᠢᠯᠡᠭᠦᠦ ᠴᠡᠷᠢᠭ ᠢ᠋ ᠠᠪᠴᠤ ᠶᠠᠭᠠᠷᠠᠨ ᠳᠣᠪᠲᠣᠯᠵᠤ ᠽᠧ ᠵᠧᠦ ᠳ᠋ᠦ᠍ᠷ ᠣᠷᠣᠪᠠᠰᠤ ᠪᠠᠰᠠ ᠬᠠᠭᠠᠯᠭ᠎ᠠ ᠳᠠᠷᠤᠵᠤ ᠵᠠᠪᠳᠤᠭᠰᠠᠨ ᠲᠤᠯᠠ ᠶᠠᠭᠠᠷᠠᠨ ᠪᠠᠰᠠ ᠴᠡᠷᠢᠭ ᠡᠭᠡᠬᠦ ᠳᠦᠷᠢᠮ ᠭᠠᠷᠭᠠᠨ ᠮᠥᠨ ᠰᠥᠨᠢ ᠡᠭᠡᠵᠦ ᠢᠷᠡᠬᠦᠢ ᠳ᠋ᠦ᠍ᠷ ᠬᠣᠲᠠ ᠶ᠋ᠢᠨ ᠰᠠᠬᠢᠭᠤᠷ ᠴᠡᠷᠢᠭ ᠣᠯᠠᠨ ᠢᠷᠭᠡᠨ ᠰᠡᠳᠬᠢᠯ ᠰᠤᠯᠠ ᠪᠣᠯᠵᠤ ᠪᠥᠬᠥᠶ᠎ᠡ᠂ ᠲᠡᠷᠡ ᠰᠥᠨᠢ ᠪᠠᠰᠠ ᠲᠩᠷᠢ ᠬᠠᠷᠠᠩᠭᠤᠢ ᠪᠣᠯᠵᠤ ᠡᠭᠦᠯᠡᠲᠦᠭᠰᠡᠨ ᠳ᠋ᠦ᠍ᠷ ᠮᠤᠬᠤᠯᠢ ᠲᠡᠭᠷᠢ ᠶ᠋ᠢᠨ ᠵᠦᠭ ᠬᠠᠨᠳᠤᠵᠤ ᠶᠡᠬᠡ ᠳᠠᠭᠤᠨ ᠢ᠋ᠶ᠋ᠠᠷ ᠥᠭᠦᠯᠡᠷᠦᠨ : 《 ᠲᠩᠷᠢ ᠶ᠋ᠢᠨ ᠡᠨᠡ ᠢᠨᠤ ᠳᠡᠯᠡᠬᠡᠢ ᠳ᠋ᠠᠬᠢᠨ ᠢ᠋ ᠨᠢᠭᠡᠨ ᠪᠣᠯᠭᠠᠬᠤ ᠡᠨᠡ ᠤᠳᠠᠭ᠎ᠠ᠂ ᠣᠳᠣ ᠡᠨᠡ ᠬᠣᠲᠠ ᠶ᠋ᠢᠨ ᠬᠡᠷᠡᠮ ᠢ᠋ ᠡᠪᠳᠡᠬᠦ ᠲᠤᠯᠠ ᠮᠤᠬᠤᠯᠢ ᠪᠢ ᠠᠷᠭ᠎ᠠ ᠪᠣᠢ ᠂ ᠲᠡᠭᠷᠢ ᠶ᠋ᠢᠨ ᠵᠠᠷᠯᠢᠭ ᠢ᠋ᠶ᠋ᠡᠷ ᠡᠨᠡ ᠬᠣᠲᠠᠨ ᠢ᠋ ᠡᠪᠳᠡᠮᠦᠢ᠂ ᠲᠡᠭᠷᠢ ᠶ᠋ᠢᠨ ᠡᠵᠡᠨ ᠮᠢᠨᠦ ᠠᠢᠯᠠᠳ !》ᠭᠡᠮᠡᠨ ᠳᠠᠭᠠᠭᠰᠠᠨ ᠣᠯᠠᠨ ᠵᠠᠩᠵᠤᠨ ᠤ᠋ᠳ ᠢ᠋ ᠬᠣᠲᠠᠨ ᠤ᠋ ᠳᠣᠣᠷ᠎ᠠ ᠳᠥᠷᠪᠡᠨ ᠲᠠᠰᠢ ᠵᠢᠭᠰᠠᠭᠠᠵᠤ᠂ ᠥᠪᠡᠷ ᠢ᠋ᠶ᠋ᠡᠨ ᠲᠡᠷᠢᠭᠦᠯᠡᠨ ᠲᠠᠪᠤᠨ ᠪᠠᠷᠰ ᠤ᠋ᠨ ᠵᠠᠩᠵᠤᠨ ᠢ᠋ ᠳᠠᠭᠠᠭᠤᠯᠤᠨ ᠴᠡᠷᠢᠭ ᠦ᠋ᠨ ᠳᠣᠲᠣᠷ᠎ᠠ ᠠ᠋ᠴᠠ ᠰᠢᠯᠭᠠᠭᠰᠠᠨ ᠳᠥᠷᠪᠡᠨ ᠵᠠᠭᠤᠨ ᠱᠠᠯᠠᠮᠠᠭᠠᠢ ᠰᠢᠯᠭᠠᠳᠠᠭ ᠴᠡᠷᠢᠭ ᠢ᠋ᠶ᠋ᠡᠷ ᠡᠭᠦᠯᠡᠨ ᠱᠠᠲᠤ ᠶ᠋ᠢ ᠬᠣᠲᠠ ᠶ᠋ᠢ ᠳᠠᠭᠠᠭᠤᠯᠤᠨ ᠪᠤᠰᠬᠠᠨ ᠳᠠᠪᠠᠴᠤ ᠣᠷᠣᠭᠠᠳ ᠪᠠᠷᠬᠢᠷᠠᠨ ᠬᠠᠰᠬᠢᠷᠬᠤ ᠳᠠᠭᠤᠨ ᠳ᠋ᠤᠷ ᠲᠡᠭᠷᠢ ᠨᠡᠢᠯᠡᠵᠦ ᠭᠠᠵᠠᠷ ᠳᠡᠯᠪᠡᠷᠡᠬᠦ ᠮᠡᠲᠦ᠃ ᠡᠭᠦᠨ ᠳ᠋ᠦ᠍ᠷ ᠽᠧ ᠵᠧᠦ ᠬᠣᠲᠠ ᠶ᠋ᠢᠨ ᠰᠠᠬᠢᠭᠰᠠᠨ ᠴᠡᠷᠢᠭ ᠰᠣᠴᠢᠨ ᠰᠡᠷᠢᠭᠡᠳ ᠬᠥᠨᠳᠡᠯᠡᠨ ᠭᠤᠯᠳᠤ ᠪᠠᠷ ᠥᠪᠡᠷ ᠵᠠᠭᠤᠷ᠎ᠠ ᠪᠠᠨ ᠵᠢᠭᠤᠷᠠᠯᠳᠤᠨ ᠭᠢᠰᠬᠢᠯᠳᠦᠵᠦ᠂ ᠡᠨᠡ ᠬᠢᠷᠢ ᠬᠠᠷᠠᠬᠠᠨ ᠭᠤᠷᠪᠠᠨ ᠶᠢᠰᠦᠨ ᠦ᠌ ᠲᠡᠰᠬᠢᠮ᠎ᠡ ᠬᠦᠢᠲᠡᠨ ᠦ᠌ ᠴᠠᠭ ᠲᠤᠯᠠ ᠭᠡᠨᠡᠳᠲᠡ ᠲᠡᠭᠷᠢ ᠮᠠᠨᠠᠨ ᠬᠦᠳᠡᠩ ᠪᠠᠭᠤᠵᠤ ᠴᠠᠰᠤ ᠮᠥᠰᠥ ᠬᠥᠯᠲᠡᠨ᠂ ᠮᠣᠳᠣ ᠴᠢᠯᠠᠭᠤ ᠴᠥᠮ ᠴᠠᠩᠲᠤᠵᠤ ᠬᠥᠯᠲᠡᠨ᠂ ᠡᠢᠨ ᠬᠦ᠌ ᠦᠢᠮᠡᠯᠳᠦᠬᠦ ᠵᠠᠪᠰᠠᠷ᠎ᠠ ᠣᠯᠠᠨ ᠴᠡᠷᠢᠭ ᠬᠡᠳᠦᠢᠨᠡᠢ ᠬᠣᠲᠠ ᠶ᠋ᠢᠨ ᠣᠷᠣᠢ ᠳ᠋ᠤᠷ ᠭᠠᠷᠪᠠ᠃ ᠡᠭᠦᠨ ᠳ᠋ᠦ᠍ᠷ ᠭᠠᠳᠠᠨ᠎ᠠ ᠶᠡᠬᠡ ᠶᠤᠸᠠᠨᠱᠤᠸᠠᠢ  ᠱᠠᠲᠤ ᠶ᠋ᠢ ᠳᠠᠪᠠᠵᠤ ᠰᠠᠶᠢ ᠣᠷᠣᠰᠤᠭᠠᠢ ᠬᠡᠮᠡᠲᠡᠯ᠎ᠡ ᠭᠡᠨᠡᠳᠲᠡ ᠨᠢᠭᠡᠨ ᠭᠡᠷᠡᠯ ᠰᠠᠴᠤᠷᠠᠨ ᠳᠣᠲᠣᠷ᠎ᠠ ᠠᠨᠤ ᠴᠢᠩᠭᠢᠰ ᠬᠠᠭᠠᠨ ᠤ᠋ ᠪᠡᠶ᠎ᠡ ᠦᠵᠡᠭᠳᠡᠵᠦ᠂ ᠪᠠᠰᠠ ᠬᠣᠲᠠᠨ ᠤ᠋ ᠳᠡᠭᠡᠷ᠎ᠡ ᠨᠢᠭᠡᠨ ᠵᠠᠩ ᠶᠡᠬᠡ ᠴᠢᠯᠠᠭᠤ ᠥᠩᠬᠥᠷᠢᠨ ᠪᠠᠭᠤᠵᠤ ᠨᠢᠭᠡᠨ ᠭᠡᠷ ᠲᠦ᠍ᠷ ᠲᠣᠰᠴᠤ ᠲᠡᠷᠡ ᠥᠩᠬᠥᠷᠢᠨ ᠵᠡᠭᠦᠨ ᠵᠦᠭ ᠤᠨᠠᠪᠠ᠃ ᠣᠯᠠᠨ ᠤᠯᠤᠰ ᠠᠮᠠ ᠠᠮᠠᠨ ᠳ᠋ᠠᠭᠠᠨ ᠲᠡᠭᠷᠢ ᠡᠵᠡᠨ ᠭᠡᠮᠡᠨ ᠶᠡᠬᠡᠳᠡ ᠪᠠᠷᠬᠢᠷᠠᠯᠳᠤᠵᠤ᠂ ᠬᠣᠲᠠ ᠶ᠋ᠢᠨ ᠠᠰᠠᠷ ᠲᠤᠷ ᠭᠠᠷᠴᠤ ᠰᠠᠬᠢᠬᠤ ᠴᠡᠷᠢᠭ ᠢ᠋ ᠴᠠᠪᠴᠢᠨ ᠠᠯᠠᠵᠤ ᠠᠲᠠᠯ᠎ᠠ ᠮᠤᠬᠤᠯᠢ ᠶ᠋ᠢᠨ ᠳᠡᠭᠦᠦ ᠣᠯᠠᠨ ᠴᠡᠷᠢᠭ ᠢ᠋ ᠱᠠᠭᠠᠷᠳᠠᠨ ᠱᠠᠲᠤ ᠳᠦᠭᠦᠷᠡᠩ ᠠᠪᠠᠷᠢᠭᠤᠯᠵᠤ᠂ ᠬᠣᠲᠠᠨ ᠤ᠋ ᠳᠡᠭᠡᠷ᠎ᠡ ᠳᠡᠮᠡᠢ ᠤᠳᠠᠭᠰᠠᠨ ᠦᠭᠡᠢ ᠠᠷᠪᠠᠨ ᠲᠦᠮᠡᠨ ᠴᠡᠷᠢᠭ ᠬᠣᠲᠠ ᠳᠦᠭᠦᠷᠲᠡᠯ᠎ᠡ ᠣᠷᠣᠵᠤ᠂ ᠳᠥᠷᠪᠡᠨ ᠬᠠᠭᠠᠯᠭ᠎ᠠ ᠪᠠ ᠨᠠᠢ᠍ᠮᠠᠨ ᠠᠰᠠᠷ᠂ ᠬᠣᠲᠠᠨ ᠤ᠋ ᠬᠦᠢᠰᠦ ᠳ᠋ᠦ᠍ᠷ ᠭᠠᠯ ᠲᠠᠯᠪᠢᠵᠤ ᠭᠡᠷᠡᠯ ᠭᠠᠷᠭᠠᠭᠰᠠᠨ ᠳ᠋ᠤᠷ ᠮᠤᠬᠤᠯᠢ ᠲᠠᠪᠤᠨ ᠪᠠᠷᠰ ᠤ᠋ᠨ ᠵᠠᠩᠵᠤᠨ ᠨᠠᠷ ᠢ᠋ ᠳᠠᠭᠠᠭᠤᠯᠤᠨ ᠲᠢ ᠱᠸᠦ᠂ ᠵᠢᠢ ᠽᠢ ᠶ᠋ᠢ ᠡᠷᠢᠨ ᠢᠷᠡᠬᠦᠢ ᠳ᠋ᠦ᠍ᠷ ᠡᠨᠡ ᠵᠠᠪᠰᠠᠷ ᠮᠤᠬᠤᠯᠢ ᠳᠥᠷᠪᠡᠨ ᠬᠠᠭᠠᠯᠭ᠎ᠠ ᠶ᠋ᠢ ᠬᠢᠨᠠᠨ ᠰᠠᠬᠢᠭᠤᠯᠵᠤ᠂ ᠶᠡᠬᠡ ᠴᠡᠷᠢᠭ ᠲᠦ᠍ᠷ ᠵᠠᠷᠯᠠᠨ ᠡᠷᠢᠭᠦᠯᠵᠦ᠂ ᠡᠨᠡ ᠣᠷᠴᠢᠮ ᠣᠯᠠᠨ ᠴᠡᠷᠢᠭ ᠵᠦᠭᠡᠷ ᠵᠠᠮ ᠬᠥᠭᠡᠭᠡᠵᠦ᠂ ᠣᠳᠣ ᠬᠥᠮᠦᠨ ᠣᠯᠵᠤ ᠠᠯᠠᠬᠤ ᠦᠭᠡᠢ ᠳ᠋ᠦ᠍ᠷ ᠬᠠᠷᠠᠬᠠᠨ ᠤᠷᠮ᠎ᠠ ᠦᠭᠡᠢ ᠪᠥᠬᠥᠶ᠎ᠡ᠂ ᠭᠡᠨᠡᠳᠲᠡ ᠡᠢᠮᠦ ᠰᠠᠢᠨ ᠬᠡᠷᠡᠭ ᠭᠠᠷᠬᠤᠢ ᠳ᠋ᠤᠷ ᠪᠦᠭᠦᠳᠡᠭᠡᠷ ᠪᠠᠶᠠᠷᠯᠠᠨ ᠠᠯᠠᠨ ᠡᠭᠦᠰᠬᠡᠪᠡ᠃ ᠡᠭᠦᠨ ᠳ᠋ᠦ᠍ᠷ ᠽᠧ ᠵᠧᠦ ᠬᠣᠲᠠ ᠶ᠋ᠢᠨ ᠬᠥᠮᠦᠨ ᠭᠠᠯ ᠳ᠋ᠤᠷ ᠰᠢᠲᠠᠬᠤ ᠪᠠ ᠬᠣᠲᠠ ᠪᠠᠷ ᠬᠠᠷᠠᠢᠵᠤ ᠭᠠᠷᠰᠤᠭᠠᠢ ᠭᠡᠮᠡᠨ ᠴᠢᠯᠥᠭᠡ ᠣᠯᠬᠤ ᠦᠭᠡᠢ᠂ ᠵᠢᠴᠢ ᠬᠠᠭᠠᠯᠭ᠎ᠠ ᠪᠠᠷ ᠭᠠᠷᠰᠤᠭᠠᠢ ᠬᠡᠮᠡᠬᠦᠯ᠎ᠡ ᠴᠡᠷᠢᠭ ᠰᠠᠬᠢᠭᠠᠳ ᠪᠠᠰᠠ ᠭᠠᠷᠭᠠᠬᠤ ᠦᠭᠡᠢ᠂ ᠬᠥᠮᠦᠨ ᠦ᠌ ᠬᠣᠷᠢᠭᠳᠠᠨ ᠦᠬᠦᠭᠰᠡᠨ ᠢᠨᠦ ᠠᠷᠪᠠᠨ ᠬᠤᠪᠢ ᠶ᠋ᠢᠨ ᠵᠢᠷᠭᠤᠭᠠᠨ ᠬᠤᠪᠢ᠂ ᠭᠡᠷ ᠦ᠋ᠨ ᠳᠣᠲᠣᠷ᠎ᠠ ᠰᠤᠪᠠᠭ ᠭᠣᠣ ᠳ᠋ᠤᠷ ᠤᠨᠠᠵᠤ᠂ ᠵᠡᠪᠡ ᠳ᠋ᠦ᠍ᠷ ᠰᠢᠷᠬᠠᠳᠤᠭᠰᠠᠨ ᠮᠠᠰᠢ ᠣᠯᠠᠨ ᠳ᠋ᠤᠷ ᠵᠢᠴᠢ ᠡᠳᠦᠷ ᠦ᠋ᠨ ᠨᠠᠷᠠᠨ ᠮᠠᠨᠳᠤᠬᠤᠢ ᠶ᠋ᠢᠨ ᠤᠷᠢᠳ ᠨᠢᠭᠡᠨ ᠠᠷᠪᠠᠨ ᠵᠢᠷᠭᠤᠭᠠᠨ ᠳᠣᠯᠣᠭᠠᠨ ᠨᠠᠰᠤ ᠬᠦᠷᠦᠭᠰᠡᠨ ᠰᠠᠢᠬᠠᠨ ᠲᠥᠷᠥᠭᠰᠡᠨ ᠥᠬᠢᠨ ᠬᠥᠮᠦᠨ ᠢᠷᠡᠵᠦ ᠮᠤᠬᠤᠯᠢ ᠳ᠋ᠤᠷ ᠥᠭᠦᠯᠡᠷᠦᠨ :《ᠡᠨᠡ ᠬᠣᠲᠠ ᠶ᠋ᠢᠨ ᠠᠷᠠᠳ ᠦᠬᠦᠵᠦ ᠳᠠᠭᠤᠰᠪᠠ᠃ ᠴᠣᠬᠣᠮ ᠬᠣᠲᠠ ᠶ᠋ᠢᠨ ᠡᠵᠡᠨ ᠲᠦᠰᠢᠮᠡᠯ ᠴᠢᠨᠦ ᠬᠣᠢᠨ᠎ᠠ ᠪᠣᠢ᠂ ᠶᠠᠭᠤᠨ ᠳ᠋ᠤᠷ ᠪᠠᠷᠢᠵᠤ ᠣᠯᠠᠨ ᠢᠷᠭᠡᠨ ᠦ᠌ ᠦᠬᠦᠬᠦ ᠶ᠋ᠢ ᠭᠡᠲᠦᠯᠭᠡᠬᠦ ᠦᠭᠡᠢ ᠪᠣᠢ ? 》 ᠬᠡᠮᠡᠭᠰᠡᠨ ᠳ᠋ᠦ᠍ᠷ ᠮᠤᠬᠤᠯᠢ ᠶᠠᠭᠠᠷᠠᠨ ᠪᠡᠶ᠎ᠡ ᠡᠭᠡᠵᠦ ᠦᠵᠡᠬᠦᠯ᠎ᠡ ᠨᠢᠭᠡᠨ ᠬᠥᠮᠦᠨ ᠪᠠᠷᠠᠭᠠᠨ ᠳᠡᠪᠡᠯ ᠡᠮᠦᠰᠴᠦ ᠭᠦᠶᠦᠨ ᠢᠷᠡᠮᠦᠢ᠃ ᠮᠤᠬᠤᠯᠢ ᠲᠡᠭᠦᠨ ᠢ᠋ ᠪᠡᠷᠢ ᠭᠡᠮᠡᠨ ᠪᠠᠷᠢᠭᠤᠯᠵᠤ ᠪᠠᠢᠴᠠᠭᠠᠨ ᠦᠵᠡᠪᠡᠰᠦ ᠲᠠᠮᠠᠭ᠎ᠠ ᠡᠪᠦᠷᠯᠡᠵᠦ ᠪᠠᠰᠠ ᠲᠣᠷᠭ᠎ᠠ ᠲᠦᠷᠭᠡ ᠶ᠋ᠢᠨ ᠥᠮᠥᠳᠥ ᠬᠤᠪᠴᠠᠰᠤ ᠲᠠᠢ ᠲᠤᠯᠠ ᠰᠠᠶᠢ ᠪᠡᠶ᠎ᠡ ᠡᠭᠡᠵᠦ ᠲᠡᠷᠡ ᠥᠬᠢᠨ ᠢ᠋ ᠦᠵᠡᠪᠡᠰᠦ ᠬᠡᠳᠦᠢᠨᠡᠢ ᠦᠵᠡᠭᠳᠡᠬᠦ ᠦᠭᠡᠢ ᠪᠣᠯᠤᠭᠰᠠᠨ ᠲᠤᠯᠠ ᠯᠠᠪ ᠬᠤᠪᠢᠯᠭᠠᠨ ᠰᠠᠬᠢᠭᠤᠯᠰᠤᠨ ᠮᠠᠨ ᠤ᠋ ᠠᠯᠠᠬᠤ ᠶ᠋ᠢ ᠬᠣᠷᠢᠭᠯᠠᠮᠤᠢ ᠭᠡᠮᠡᠨ ᠶᠠᠭᠠᠷᠠᠨ ᠬᠡᠩᠭᠡᠷᠭᠡ ᠬᠠᠷᠠᠩᠭ᠎ᠠ ᠶ᠋ᠢ ᠴᠣᠬᠢᠭᠤᠯᠤᠨ ᠨᠢᠭᠡᠨ ᠴᠠᠭ ᠢ᠋ᠶ᠋ᠠᠷ ᠠᠯᠠᠬᠤ ᠶ᠋ᠢ ᠴᠠᠭᠠᠵᠠᠯᠠᠨ ᠵᠣᠭᠰᠣᠭᠠᠪᠠ᠃ ᠡᠨᠡ ᠨᠢᠭᠡᠨ ᠰᠥᠨᠢ ᠳ᠋ᠦ᠍ᠷ ᠦᠬᠦᠭᠰᠡᠨ ᠦᠬᠦᠳᠡᠯ ᠨᠠᠮᠤᠷ ᠤ᠋ᠨ ᠴᠠᠭ ᠤ᠋ᠨ ᠮᠣᠳᠣᠨ ᠨᠠᠪᠴᠢ ᠤᠨᠠᠭᠰᠠᠨ ᠮᠡᠲᠦ ᠠᠵᠤᠭᠤ᠃ 
       ᠲᠡᠳᠦᠢ ᠪᠠᠷᠢᠭᠰᠠᠨ ᠲᠢ ᠱᠸᠦ᠂ ᠵᠢᠢ ᠽᠢ ᠶ᠋ᠢ ᠬᠠᠭᠠᠨ ᠤ᠋ ᠳᠡᠷᠭᠡᠳᠡ ᠠᠪᠴᠤ ᠢᠷᠡᠭᠰᠡᠨ ᠳ᠋ᠦ᠍ᠷ ᠬᠠᠭᠠᠨ ᠦᠵᠡᠪᠡᠰᠦ ᠲᠡᠷᠡ ᠠᠰᠠᠷ ᠲᠤᠷ ᠵᠥᠭᠡᠭᠰᠡᠨ ᠲᠡᠷᠢᠭᠦᠯᠡᠭᠰᠡᠨ ᠲᠦᠰᠢᠮᠡᠯ ᠮᠥᠨ ᠲᠤᠯᠠ ᠮᠦᠰᠢᠶᠡᠨ ᠠᠰᠠᠭᠤᠷᠤᠨ : 《ᠴᠢ ᠬᠣᠲᠠ ᠪᠠᠨ ᠰᠠᠬᠢᠭᠰᠠᠨ ᠲᠦᠰᠢᠮᠡᠯ ᠡᠰᠡ ᠳᠠᠭᠠᠪᠠᠰᠤ ᠪᠠᠷᠠᠪᠠ᠂ᠲᠡᠳᠡᠭᠡᠷ ᠮᠠᠭᠤ ᠳᠠᠭᠤᠴᠢ ᠨᠠᠷ ᠢ᠋ ᠳᠠᠭᠤᠷᠢᠶᠠᠨ ᠳᠠᠢᠰᠤᠨ ᠢ᠋ ᠬᠣᠷᠣᠰᠬᠠᠨ ᠬᠠᠷᠢᠶᠠᠭᠠᠳ ᠴᠢᠮ᠎ᠠ ᠳ᠋ᠤᠷ ᠶᠠᠮᠪᠠᠷ ᠲᠤᠰᠠ ᠪᠣᠢ ? ᠴᠢᠨᠦ ᠡᠵᠡᠨ ᠳ᠋ᠦ᠍ᠷ ᠶᠠᠮᠪᠠᠷ ᠭᠠᠪᠢᠶ᠎ᠠ᠂ ᠳᠠᠢᠰᠤᠨ ᠳ᠋ᠤᠷ ᠪᠠᠰᠠ ᠶᠠᠮᠪᠠᠷ ᠠᠶᠤᠬᠤ ᠭᠠᠵᠠᠷ ᠪᠣᠢ ? 》 ᠬᠡᠮᠡᠬᠦᠢ ᠳ᠋ᠦ᠍ᠷ ᠵᠢᠢ ᠽᠢ ᠬᠠᠷᠢᠨ ᠥᠪᠡᠷ ᠢ᠋ᠶ᠋ᠡᠨ : 《ᠪᠢ ᠵᠢᠢ ᠽᠢ ᠪᠤᠰᠤ᠂ᠪᠢ ᠭᠠᠭᠴᠠ ᠶ᠋ᠢᠢ ᠽᠢ ᠶ᠋ᠢ ᠠᠷᠭᠠᠳᠠᠨ ᠬᠠᠭᠤᠷᠴᠤ ᠲᠠᠮᠠᠭ᠎ᠠ ᠶ᠋ᠢ ᠠᠪᠴᠢᠷᠠᠭᠰᠠᠨ ᠪᠥᠯᠥᠭᠡ !》 ᠭᠡᠮᠡᠨ ᠵᠠᠭᠤᠨ ᠵᠦᠢᠯ ᠢ᠋ᠶ᠋ᠡᠷ ᠴᠠᠯᠴᠢᠨ ᠪᠡᠯᠴᠢᠵᠦ ᠮᠥᠷᠭᠥᠬᠦ ᠪᠠ ᠡᠯᠳᠡᠪ ᠠᠭᠠᠰᠢ ᠭᠠᠷᠭᠠᠨ ᠬᠡᠯᠡᠬᠦᠢ ᠳ᠋ᠦ᠍ᠷ ᠬᠠᠭᠠᠨ ᠤ᠋ ᠭᠡᠭᠡᠨ ᠠᠶᠤᠩᠭ᠎ᠠ ᠶ᠋ᠢᠨ ᠬᠢᠯᠢᠩ ᠬᠥᠳᠡᠯᠵᠦ ᠵᠠᠷᠯᠢᠭ ᠪᠣᠯᠤᠷᠤᠨ : 《 ᠪᠢ ᠨᠢᠭᠡᠨ ᠦᠵᠡᠭᠰᠡᠨ ᠢ᠋ ᠦᠯᠦ ᠡᠨᠳᠡᠮᠦᠢ᠂ ᠨᠡᠩ ᠪᠠᠰᠠ ᠴᠢᠨᠦ  ᠲᠠᠮᠠᠭ᠎ᠠ ᠪᠡᠶ᠎ᠡ ᠳ᠋ᠦ᠍ᠷ ᠪᠣᠢ᠂ ᠬᠤᠷᠳᠤᠨ ᠦᠨᠡᠨ ᠢ᠋ᠶ᠋ᠡᠨ ᠬᠡᠯᠡ ! 》 ᠬᠡᠮᠡᠭᠰᠡᠨ ᠳ᠋ᠦ᠍ᠷ ᠬᠡᠷᠬᠢᠪᠡᠴᠦ ᠬᠡᠯᠡᠬᠦ ᠦᠭᠡᠢ ᠲᠤᠯᠠ ᠳᠠᠷᠤᠢ ᠵᠢᠢ ᠽᠢ ᠶ᠋ᠢᠨ ᠬᠤᠪᠴᠠᠰᠤ ᠶ᠋ᠢ ᠰᠢᠪᠲᠤᠯᠤᠨ ᠭᠠᠯ ᠲᠡᠮᠦᠷ ᠰᠠᠮ ᠤ᠋ᠨ ᠵᠦᠢᠯ ᠢ᠋ ᠭᠠᠷᠭᠠᠵᠤ ᠡᠷᠡᠭᠦᠳᠡᠬᠦᠢ ᠳ᠋ᠦ᠍ᠷ ᠲᠡᠷᠡ ᠪᠠᠰᠠ ᠬᠦ᠌ ᠪᠢ ᠪᠤᠰᠤ ᠬᠡᠮᠡᠬᠦᠢ ᠳ᠋ᠦ᠍ᠷ ᠬᠠᠵᠠᠭᠤ ᠳ᠋ᠤᠷ ᠥᠭᠡᠳᠡᠢ ᠲᠠᠢᠽᠢ ᠪᠠᠢᠵᠤ ᠶᠠᠭᠠᠷᠠᠨ ᠠᠢᠯᠠᠳᠬᠠᠷᠤᠨ : 《ᠬᠠᠭᠠᠨ ᠡᠴᠢᠭᠡ ᠡᠭᠦᠨ ᠦ᠌ ᠲᠤᠯᠠ ᠶᠡᠬᠡ ᠬᠢᠯᠢᠩ  ᠬᠡᠷᠡᠭ ᠦᠭᠡᠢ᠂ ᠡᠨᠡ ᠬᠣᠲᠠ ᠶ᠋ᠢᠨ ᠣᠯᠠᠨ ᠢᠷᠭᠡᠨ ᠢ᠋ ᠬᠥᠭᠡᠭᠡᠵᠦ ᠠᠴᠢᠷᠠᠨ ᠦᠵᠡᠭᠦᠯᠪᠡᠰᠦ ᠮᠥᠨ ᠪᠤᠰᠤ ᠶ᠋ᠢ ᠬᠢᠯᠪᠠᠷ ᠮᠡᠳᠡᠮᠦᠢ᠃ 》ᠬᠡᠮᠡᠭᠰᠡᠨ ᠳ᠋ᠦ᠍ᠷ ᠬᠠᠭᠠᠨ ᠮᠥᠨ ᠬᠡᠮᠡᠵᠦ ᠮᠤᠬᠤᠯᠢ ᠪᠡᠶ᠎ᠡ ᠪᠡᠷ ᠡᠷ᠎ᠡ ᠡᠮ᠎ᠡ ᠬᠡᠳᠦᠨ ᠵᠠᠭᠤᠨ ᠬᠥᠮᠦᠨ ᠢ᠋ ᠬᠥᠭᠡᠭᠡᠯᠭᠡᠨ ᠠᠪᠴᠢᠷᠠᠭᠤᠯᠵᠤ᠂ ᠵᠢᠢ ᠽᠢ ᠶ᠋ᠢ ᠠᠪᠤᠨ ᠭᠠᠷᠴᠤ ᠲᠠᠨᠢᠭᠤᠯᠪᠠᠰᠤ ᠪᠦᠭᠦᠳᠡᠭᠡᠷ᠂ ᠲᠡᠭᠦᠨ ᠦ᠌ ᠮᠠᠭᠤ ᠳ᠋ᠤᠷ ᠡᠨᠡ ᠮᠡᠲᠦ ᠪᠣᠯᠪᠠ ᠭᠡᠮᠡᠨ ᠬᠣᠷᠣᠰᠬᠤ ᠲᠤᠯᠠ ᠴᠥᠮ ᠵᠶ᠋ᠢ ᠽᠢ ᠮᠥᠨ ᠬᠡᠮᠡᠭᠰᠡᠨ ᠳ᠋ᠦ᠍ᠷ ᠲᠡᠭᠦᠨ ᠢ᠋ ᠡᠭᠡᠭᠦᠯᠦᠨ ᠣᠷᠣᠭᠤᠯᠵᠤ ᠠᠰᠠᠭᠤᠪᠠᠰᠤ ᠲᠡᠷᠡ ᠮᠥᠨ ᠠᠮᠢᠨ ᠢ᠋ ᠬᠡᠯᠲᠦᠷᠢᠭᠦᠯᠬᠦ ᠶ᠋ᠢ ᠭᠣᠶᠣᠬᠤᠢ ᠳ᠋ᠤᠷ ᠬᠠᠭᠠᠨ ᠶᠡᠬᠡᠯ᠎ᠡ ᠮᠦᠰᠢᠶᠡᠨ ᠶᠤᠸᠠᠨᠱᠤᠸᠠᠢ ᠮᠤᠬᠤᠯᠢ ᠳ᠋ᠤᠷ ᠲᠤᠰᠢᠶᠠᠨ ᠥᠭᠴᠦ : 《ᠲᠡᠭᠷᠢ ᠶ᠋ᠢ ᠳᠠᠭᠠᠬᠤ ᠦᠭᠡᠢ᠂ ᠨᠠᠷᠠᠨ ᠰᠠᠷᠠᠨ ᠢ᠋ ᠦᠵᠡᠬᠦ ᠦᠭᠡᠢ ᠡᠨᠡ ᠪᠣᠭᠣᠯ ᠢ᠋ ᠨᠢᠳᠦᠨ ᠢ᠋  ᠢᠨᠤ ᠤᠬᠤᠵᠤ ᠠᠪᠤᠭᠠᠳ ᠡᠨᠡ ᠬᠣᠲᠠ ᠶ᠋ᠢᠨ ᠵᠠᠭᠤᠨ ᠣᠪᠣᠭᠲᠠᠨ ᠴᠥᠮ ᠡᠭᠦᠨ ᠦ᠌ ᠬᠣᠣᠷ ᠢ᠋ ᠢᠳᠡᠵᠦ᠂ ᠨᠢᠭᠡᠨ ᠬᠣᠲᠠ ᠪᠠᠷᠠᠲᠠᠯ᠎ᠠ ᠦᠬᠦᠭᠰᠡᠨ ᠢᠨᠦ ᠴᠥᠮ ᠡᠭᠦᠨ ᠦ᠌ ᠤᠷᠰᠢᠭ᠋ ᠲᠤᠯᠠ ᠣᠯᠠᠨ ᠢᠷᠭᠡᠨ ᠦ᠌ ᠨᠢᠳᠦᠨ ᠦ᠌ ᠡᠮᠦᠨ᠎ᠡ  ᠣᠭᠲᠣᠴᠢᠨ ᠠᠯᠠ ! 》 ᠬᠡᠮᠡᠭᠰᠡᠨ ᠳ᠋ᠦ᠍ᠷ ᠵᠠᠷᠯᠢᠭ ᠢ᠋ᠶ᠋ᠠᠷ ᠣᠯᠠᠨ ᠢᠷᠭᠡᠨ ᠢ᠋ ᠬᠤᠷᠠᠭᠠᠵᠤ᠂ ᠡᠳᠡᠭᠡᠷ ᠶᠠᠯ᠎ᠠ ᠶ᠋ᠢ ᠪᠦᠷᠢᠳᠬᠡᠨ ᠲᠣᠭᠠᠴᠢᠵᠤ᠂ ᠣᠯᠠᠨ ᠢᠷᠭᠡᠨ ᠡᠨᠡ ᠨᠢᠭᠡᠨ ᠬᠥᠮᠦᠨ ᠦ᠌ ᠤᠷᠰᠢᠭ᠋ ᠢ᠋ᠶ᠋ᠠᠷ ᠡᠨᠡ ᠮᠡᠲᠦ ᠲᠡᠭᠷᠢ ᠶ᠋ᠢᠨ ᠬᠢᠯᠢᠩ ᠢ᠋ ᠬᠥᠳᠡᠯᠭᠡᠵᠦ ᠬᠣᠲᠠ ᠳᠦᠭᠦᠷᠡᠩ ᠬᠥᠮᠦᠨ ᠦᠬᠦᠪᠡ᠂ ᠬᠠᠮᠤᠭ ᠤ᠋ᠨ ᠤᠷᠢᠳᠠ ᠲᠡᠭᠷᠢ ᠶ᠋ᠢ ᠳᠠᠭᠠᠬᠤ ᠦᠭᠡᠢ ᠪᠡᠷ ᠣᠯᠠᠨ ᠢᠷᠭᠡᠨ ᠳ᠋ᠦ᠍ᠷ ᠭᠠᠮᠰᠢᠭ᠋ ᠪᠣᠯᠭᠠᠭᠰᠠᠨ ᠲᠤᠯᠠ ᠨᠢᠳᠦᠨ ᠢ᠋ ᠤᠬᠤᠵᠤ᠂ ᠬᠡᠯᠡ ᠶ᠋ᠢ ᠣᠭᠲᠣᠯᠵᠤ ᠪᠡᠶ᠎ᠡ ᠶ᠋ᠢ ᠲᠤᠶᠠᠴᠢᠵᠤ᠂ ᠬᠡᠳᠦᠨ ᠮᠢᠩᠭᠠᠨ ᠬᠥᠮᠦᠨ ᠦ᠌ ᠡᠮᠦᠨ᠎ᠡ ᠭᠱᠠᠨ ᠵᠠᠭᠤᠷ᠎ᠠ ᠶ᠋ᠢᠢ ᠽᠢ ᠶ᠋ᠢᠨ ᠮᠢᠬ᠎ᠠ ᠶᠠᠰᠤ ᠦᠵᠡᠭᠳᠡᠬᠦ ᠦᠭᠡᠢ ᠪᠣᠯᠤᠭᠰᠠᠨ ᠳ᠋ᠤᠷ ᠬᠠᠭᠠᠨ ᠥᠨᠳᠥᠷ ᠳᠡᠭᠡᠷ᠎ᠡ ᠡᠴᠡ ᠦᠵᠡᠵᠦ ᠥᠪᠡᠷ ᠢ᠋ᠶ᠋ᠡᠨ ᠵᠠᠷᠯᠢᠭ ᠪᠣᠯᠤᠨ ᠵᠠᠭᠤᠨ ᠣᠪᠣᠭᠲᠠᠨ ᠢ᠋ ᠴᠥᠮ ᠡᠭᠡᠭᠦᠯᠪᠡ᠃ ᠡᠭᠦᠨ ᠳ᠋ᠦ᠍ᠷ ᠣᠯᠠᠨ ᠢᠷᠭᠡᠳ ᠦ᠋ᠨ 《ᠲᠦᠮᠡᠨ ᠨᠠᠰᠤᠲᠤ ! 》 ᠭᠡᠮᠡᠨ ᠳᠠᠭᠤᠳᠠᠬᠤ ᠳᠠᠭᠤᠨ ᠲᠡᠭᠷᠢ ᠠᠨᠢᠷᠯᠠᠮᠤᠢ᠃ ᠡᠨᠡ ᠮᠡᠳᠡᠭᠡ ᠬᠣᠯᠠ ᠠᠯᠳᠠᠷᠰᠢᠵᠤ ᠬᠠᠮᠤᠭ ᠬᠣᠲᠠ ᠪᠠᠯᠭᠠᠳ ᠤ᠋ᠨ ᠢᠷᠭᠡᠳ ᠡᠷᠢᠨ ᠢᠷᠡᠵᠦ ᠮᠥᠷᠭᠥᠨ ᠳᠠᠭᠠᠮᠤᠢ᠃ ᠲᠡᠢᠨ ᠬᠦ᠌ ᠡᠳᠡᠭᠡᠷ ᠰᠦᠷᠦᠭ ᠲᠣᠷ ᠱᠢ ᠲᠢᠶᠠᠨ ᠯᠢ᠂ ᠰᠢᠶᠣᠤ ᠹᠦ ᠲᠢᠶᠧ ᠬᠡᠮᠡᠬᠦ ᠬᠣᠶᠠᠷ ᠪᠠᠶᠠᠨ ᠢᠷᠭᠡᠨ ᠬᠡᠳᠦᠨ ᠮᠢᠩᠭᠠᠨ ᠬᠥᠮᠦᠨ ᠢ᠋ ᠳᠠᠭᠠᠭᠤᠯᠤᠨ ᠢᠷᠡᠵᠦ ᠮᠤᠬᠤᠯᠢ ᠳ᠋ᠤᠷ ᠣᠷᠣᠵᠤ ᠥᠭᠭᠦᠭᠰᠡᠨ ᠳ᠋ᠦ᠍ᠷ ᠮᠤᠬᠤᠯᠢ ᠬᠠᠭᠠᠨ ᠳ᠋ᠤᠷ ᠠᠢᠯᠠᠳᠬᠠᠨ ᠴᠥᠮ ᠸᠠᠨ ᠬᠤ᠌ ᠾᠧᠦ ᠴᠣᠯᠠ ᠱᠠᠩᠨᠠᠵᠤ᠂ ᠵᠧ ᠵᠧᠦ ᠳ᠋ᠦ᠍ᠷ ᠰᠠᠭᠤᠯᠭᠠᠪᠠ᠃ 
       ᠲᠡᠳᠦᠢ ᠬᠠᠭᠠᠨ ᠤ᠋ ᠭᠡᠭᠡᠨ ᠮᠤᠬᠤᠯᠢ ᠯᠤᠭ᠎ᠠ ᠡᠭᠡᠵᠦ ᠵᠦᠩᠳᠦ᠋ ᠬᠣᠲᠠᠨ ᠳ᠋ᠤᠷ ᠬᠦᠷᠴᠦ ᠳᠥᠷᠪᠡᠨ ᠵᠠᠮ ᠤ᠋ᠨ ᠴᠡᠷᠢᠭ ᠬᠠᠮᠲᠤ ᠨᠡᠢᠯᠡᠵᠦ᠂ ᠴᠡᠷᠢᠭ ᠢ᠋ ᠭᠤᠷᠪᠠᠨ ᠬᠤᠪᠢ ᠰᠠᠯᠭᠠᠨ ᠵᠦᠩᠳᠦ᠋ ᠶ᠋ᠢ ᠲᠣᠭᠣᠷᠢᠵᠤ ᠬᠠᠭᠠᠭᠰᠠᠨ ᠳ᠋ᠤᠷ ᠲᠠᠢᠽᠦ ᠴᠢᠩᠭᠢᠰ ᠬᠠᠭᠠᠨ ᠵᠦᠩᠳᠦ᠋ ᠶ᠋ᠢᠨ ᠰᠠᠬᠢᠭᠰᠠᠨ ᠴᠧᠩᠰᠢᠶᠠᠩ ᠸᠠᠨ ᠶᠠᠨ ᠴᠧᠩ ᠾᠦᠢ ᠶ᠋ᠢ ᠳᠠᠭᠤᠳᠠᠨ ᠭᠠᠷᠭᠠᠵᠤ ᠵᠠᠷᠯᠢᠭ ᠪᠣᠯᠤᠷᠤᠨ : 《ᠲᠠᠨ ᠤ᠋ ᠡᠵᠡᠨ ᠢ᠋ ᠪᠢ ᠠᠯᠠᠵᠤ ᠦᠯᠦ ᠲᠥᠪᠳᠡᠮᠦᠢ᠂ ᠲᠠ ᠶᠡᠷᠦᠳᠡ ᠮᠢᠨᠦ ᠥᠷᠥᠰᠢᠶᠡᠯ ᠢ᠋ ᠮᠡᠳᠡᠬᠦ ᠦᠭᠡᠢ᠂ ᠪᠢ ᠤᠴᠢᠷ ᠦᠭᠡᠢ ᠴᠡᠷᠢᠭ ᠵᠣᠭᠰᠣᠪᠠ᠂ ᠲᠡᠷᠡ ᠪᠠᠭ᠎ᠠ ᠵᠦᠩᠳᠦ᠋ ᠬᠣᠲᠠ ᠶ᠋ᠢ ᠨᠠᠳᠠ ᠳ᠋ᠤᠷ ᠡᠷᠭᠦᠪᠡᠰᠦ ᠪᠢ ᠡᠷᠬᠡᠪᠰᠢ ᠰᠠᠢᠳ ᠪᠣᠯᠭᠠᠮᠤᠢ᠃ ᠮᠢᠨᠦ ᠦᠭᠡ ᠶ᠋ᠢ ᠡᠰᠡ ᠠᠪᠤᠪᠠᠰᠤ ᠪᠢ ᠯᠠᠪ ᠶᠠᠯ᠎ᠠ ᠬᠡᠯᠡᠯᠴᠡᠮᠦᠢ ! 》 ᠭᠡᠮᠡᠨ ᠵᠠᠷᠯᠢᠭ ᠪᠠᠭᠤᠯᠭᠠᠨ᠂ ᠴᠧᠩᠰᠢᠶᠠᠩ ᠴᠧᠩ ᠾᠦᠢ ᠲᠡᠭᠷᠢ ᠡᠴᠢᠭᠡ ᠬᠡᠮᠡᠬᠦ ᠡᠴᠡ ᠥᠪᠡᠷ᠎ᠡ ᠦᠭᠡ ᠦᠭᠡᠢ ᠮᠥᠷᠭᠥᠵᠦ ᠡᠭᠡᠪᠡ᠃ 
       ᠲᠡᠳᠦᠢ ᠬᠠᠭᠠᠨ ᠤ᠋ ᠭᠡᠭᠡᠨ ᠭᠤᠷᠪᠠᠨ ᠵᠠᠮ ᠤ᠋ᠨ ᠴᠡᠷᠢᠭ ᠢ᠋ᠶ᠋ᠡᠷ ᠲᠠ ᠺᠧᠦ ᠶ᠋ᠢᠨ ᠰᠦᠪᠡ ᠪᠣᠭᠣᠮᠲᠠ ᠳ᠋ᠤᠷ ᠣᠯᠠᠨ ᠵᠠᠮ ᠤ᠋ᠨ ᠴᠡᠷᠢᠭ ᠨᠡᠢᠯᠡᠵᠦ ᠶᠡᠬᠡ ᠪᠠᠭᠤᠳᠠᠯ ᠪᠠᠭᠤᠪᠠ᠃ ᠡᠨᠡ ᠵᠢᠯ ᠠᠯᠲᠠᠨ ᠤᠯᠤᠰ ᠤ᠋ᠨ ᠾᠧ ᠪᠧᠢ᠂ ᠾᠧ ᠳ᠋ᠦᠩ ᠬᠣᠶᠠᠷ ᠮᠣᠵᠢ ᠪᠠ ᠱᠠᠨ ᠳ᠋ᠦᠩ ᠮᠣᠵᠢ ᠵᠡᠷᠭᠡ ᠬᠡᠳᠦᠨ ᠮᠢᠩᠭᠠᠨ ᠭᠠᠵᠠᠷ ᠤ᠋ᠨ ᠠᠯᠲᠠ ᠲᠣᠷᠭ᠎ᠠ ᠦᠬᠡᠷ ᠮᠣᠷᠢ ᠶ᠋ᠢ ᠴᠢᠬᠢᠷᠰᠦ ᠡᠪᠬᠡᠬᠦ ᠮᠡᠲᠦ ᠠᠪᠠᠴᠢᠪᠠ᠃ ᠰᠠᠩ ᠬᠥᠮᠥᠷᠭᠡ ᠶ᠋ᠢᠨ ᠠᠮᠤ ᠵᠦᠢᠯ ᠢ᠋ ᠪᠦᠷᠢᠨ᠎ᠡ ᠰᠢᠨ᠎ᠡ ᠳᠠᠭᠠᠭᠤᠯᠤᠭᠰᠠᠨ ᠵᠠᠭᠤᠨ ᠬᠣᠲᠠᠨ ᠳ᠋ᠤᠷ ᠲᠦᠭᠡᠭᠡᠨ᠂ ᠵᠢᠴᠢ ᠬᠠᠷ᠎ᠠ ᠲᠠᠲ᠋ᠠᠷ ᠤᠯᠤᠰ ᠤ᠋ᠨ ᠡᠨᠡᠳᠬᠡᠭ ᠦ᠋ᠨ ᠬᠠᠭᠠᠨ᠂ ᠴᠢᠩᠭᠢᠰ ᠬᠠᠭᠠᠨ ᠳ᠋ᠤᠷ ᠠᠯᠪᠠ ᠬᠦᠷᠭᠡᠨ ᠢᠷᠡᠵᠦᠬᠦᠢ①᠃ 
       ᠲᠡᠳᠦᠢ ᠡᠨᠡ ᠵᠢᠯ ᠦ᠋ᠨ ᠳᠠᠭᠠᠭᠤᠯᠤᠭᠰᠠᠨ ᠠᠨᠤ ᠭᠤᠷᠪᠠᠨ ᠠᠩᠭᠢ ᠴᠡᠷᠢᠭ ᠦ᠋ᠨ ᠬᠤᠷᠢᠶᠠᠭᠰᠠᠨ ᠨᠡᠢᠲᠡ ᠵᠢᠷᠠᠨ ᠢᠯᠡᠭᠦᠦ ᠵᠧᠦ ᠵᠢᠶᠤᠶᠨ᠃ᠣᠯᠤᠭᠰᠠᠨ ᠠᠨᠤ ᠠᠯᠲᠠᠨ ᠤᠯᠤᠰ ᠤ᠋ᠨ ᠵᠦᠩᠳᠦ᠋ ᠬᠣᠲᠠ᠂ ᠲᠦᠩ ᠵᠧᠦ᠂ ᠰᠢᠶᠦ᠋ᠨ ᠵᠧᠦ᠂ ᠵᠠᠩ ᠳ᠋ᠠᠩ᠂ ᠴᠠᠩ ᠵᠧᠦ᠂ ᠵᠣᠣ ᠵᠧᠦ᠂ ᠳ᠋ᠠᠢ ᠮᠢᠩ᠂ ᠳ᠋ᠦᠩ ᠫᠢᠩ᠂ ᠭᠠᠨ ᠵᠧᠦ ᠂ ᠪᠢ ᠵᠧᠦ ᠂ ᠬᠠᠢ  ᠸᠸᠦ ᠡᠨᠡ ᠠᠷᠪᠠᠨ ᠨᠢᠭᠡᠨ ᠬᠣᠲᠠ ᠶ᠋ᠢᠨ ᠲᠡᠳᠦᠢ ᠯᠡ᠃ ᠲᠡᠳᠦᠢ ᠡᠮᠦᠨ᠎ᠡ ᠭᠠᠵᠠᠷ ᠤ᠋ᠨ ᠣᠯᠵᠠ ᠶ᠋ᠢ ᠬᠡᠳᠦᠨ ᠵᠠᠭᠤᠨ ᠲᠦᠮᠡᠨ ᠲᠡᠷᠭᠡ ᠪᠡᠷ ᠨᠤᠲᠤᠭ ᠲᠤᠷ ᠬᠥᠷᠭᠡᠯᠭᠡᠵᠦ ᠢᠯᠡᠭᠡᠪᠡ᠃ ᠮᠥᠨ ᠬᠥᠬᠡᠭᠡ ᠰᠠᠷ᠎ᠠ ᠳ᠋ᠤ᠌ ᠰᠢᠶᠠ ᠤᠯᠤᠰ ᠤ᠋ᠨ ᠡᠵᠡᠨ ᠯᠢ ᠽᠦᠨ ᠰᠢᠦᠢ ᠪᠡᠶ᠎ᠡ ᠪᠡᠷ ᠵᠢᠩ ᠵᠧᠦ ᠬᠣᠲᠠᠨ ᠢ᠋ ᠠᠪᠤᠭᠰᠠᠨ ᠲᠤᠯᠠ ᠭᠤᠷᠪᠠᠨ ᠬᠣᠲᠠ ᠶ᠋ᠢᠨ ᠬᠦᠨᠳᠦ ᠣᠯᠵᠠ ᠪᠠ ᠠᠯᠪᠠ ᠶ᠋ᠢ ᠬᠦᠷᠭᠡᠨ ᠢᠷᠡᠵᠦ᠂ ᠬᠠᠭᠠᠨ ᠤ᠋ ᠭᠡᠭᠡᠨ ᠳ᠋ᠦ᠍ᠷ ᠪᠠᠷᠠᠯᠬᠠᠨ ᠮᠥᠷᠭᠥᠪᠡ᠃ ᠬᠠᠭᠠᠨ ᠰᠠᠢᠰᠢᠶᠠᠨ ᠥᠷᠥᠰᠢᠶᠡᠵᠦ ᠬᠦᠨᠳᠦ ᠱᠠᠩ ᠥᠭᠴᠦ ᠶᠡᠬᠡ ᠬᠤᠷᠢᠮ ᠬᠠᠢᠷᠠᠯᠠᠪᠠ᠃ ᠡᠳᠦᠭᠡ ᠯᠢᠶᠣᠤ ᠳ᠋ᠦᠩ ᠦ᠋ᠨ ᠶᠧ ᠯᠢᠦᠢ ᠯᠢᠦ ᠬᠸ ᠮᠥᠨ ᠣᠯᠤᠭᠰᠠᠨ ᠬᠣᠲᠠ ᠶ᠋ᠢᠨ ᠲᠣᠭ᠎ᠠ ᠶ᠋ᠢ ᠪᠢᠴᠢᠵᠦ ᠬᠦᠨᠳᠦ ᠠᠯᠪᠠ ᠬᠦᠷᠭᠡᠯᠭᠡᠨ᠂ ᠬᠣᠶᠠᠳᠤᠭᠠᠷ ᠬᠥᠪᠡᠭᠦᠨ ᠢ᠋ᠶ᠋ᠡᠨ ᠵᠠᠷᠤᠵᠤ ᠪᠠᠷᠠᠯᠬᠠᠨ ᠮᠥᠷᠭᠥᠭᠦᠯᠪᠡ᠃ ᠬᠠᠭᠠᠨ ᠬᠣᠶᠠᠷ ᠤᠯᠤᠰ ᠤ᠋ᠨ ᠡᠵᠡᠳ ᠢ᠋ ᠦᠳᠡᠵᠦ ᠬᠠᠮᠲᠤ ᠰᠢᠨᠡᠯᠡᠬᠦ ᠶᠡᠬᠡ ᠬᠤᠷᠢᠮ ᠳ᠋ᠤᠷ ᠬᠦᠨᠳᠦ ᠱᠠᠩ ᠬᠤᠷᠢᠮ ᠢ᠋ᠶ᠋ᠡᠷ ᠬᠤᠷᠢᠮᠯᠠᠨ᠂ ᠮᠣᠳᠣᠷ ᠢ᠋ᠶ᠋ᠠᠷ ᠠᠷᠢᠬᠢ ᠬᠠᠢᠷᠠᠯᠠᠨ ᠵᠠᠭᠤᠨ ᠲᠦᠰᠢᠮᠡᠳ ᠭᠠᠪᠢᠶ᠎ᠠ ᠳ᠋ᠤᠷ ᠪᠠᠶᠠᠰᠬᠤᠯᠠᠩ ᠤ᠋ᠨ ᠶᠣᠰᠣᠯᠠᠯ ᠢ᠋ᠶ᠋ᠠᠷ ᠬᠤᠷᠢᠮᠯᠠᠪᠠ᠃  

– – – – 
① ᠡᠨᠡ ᠮᠡᠲᠦ ᠪᠥᠭᠡᠲᠡᠯ᠎ᠡ ᠬᠢᠲᠠᠳ ᠪᠢᠴᠢᠭᠡᠴᠢ ᠨᠠᠷ 《ᠭᠠᠩ ᠮᠦ᠍ ᠪᠢᠴᠢᠭ 》 ᠲᠣᠷ ᠣᠨᠴᠠ ᠮᠣᠩᠭᠣᠯ ᠢ᠋ ᠮᠠᠭᠤ ᠬᠡᠯᠡᠰᠦᠭᠡᠢ ᠭᠡᠮᠡᠨ ᠪᠢᠴᠢᠬᠦᠢ ᠳ᠋ᠡᠭᠡᠨ᠂ ᠡᠨᠡ ᠤᠳᠠᠭ᠎ᠠ ᠳ᠋ᠤᠷ ᠮᠣᠩᠭᠣᠯ ᠢ᠋ ᠬᠡᠳᠦᠨ ᠮᠢᠩᠭᠠᠨ ᠭᠠᠵᠠᠷ ᠤ᠋ᠨ ᠢᠷᠭᠡᠨ ᠦ᠌ ᠥᠬᠢᠨ ᠡᠮ᠎ᠡ ᠦᠷ᠎ᠡ ᠬᠥᠪᠡᠭᠦᠨ ᠢ᠋ ᠦᠯᠡᠳᠡᠭᠡᠯ ᠦᠭᠡᠢ ᠠᠯᠠᠨ ᠮᠥᠩᠭᠥ ᠲᠣᠷᠭ᠎ᠠ ᠮᠣᠷᠢ ᠮᠠᠯ ᠦᠬᠡᠷ ᠬᠣᠨᠢ ᠨᠣᠬᠠᠢ ᠭᠠᠬᠠᠢ ᠶ᠋ᠢ ᠴᠥᠮ ᠪᠠᠷᠠᠲᠠᠯ᠎ᠠ ᠠᠪᠠᠴᠢᠭᠠᠳ ᠡᠳᠡᠭᠡᠷ ᠦ᠋ᠨ ᠭᠡᠷ ᠡᠷᠦᠬᠡ ᠬᠣᠲᠠ ᠪᠠᠯᠭᠠᠳ ᠢ᠋ ᠭᠠᠯᠳᠠᠪᠠᠢ ᠭᠡᠮᠡᠨ ᠪᠢᠴᠢᠵᠦᠬᠦᠢ᠃ ᠦᠵᠡᠬᠦ ᠮᠡᠷᠭᠡᠳ ᠤᠴᠢᠷ ᠢ᠋ ᠬᠡᠮᠨᠡᠨ᠂ ᠲᠡᠷᠡ ᠦᠶ᠎ᠡ ᠶ᠋ᠢᠨ ᠮᠣᠩᠭᠣᠯ ᠤ᠋ᠨ ᠴᠡᠷᠢᠭ ᠬᠣᠲᠠ ᠶ᠋ᠢᠨ ᠶᠠᠭᠤᠮ᠎ᠠ ᠶ᠋ᠢ ᠠᠪᠴᠤ ᠪᠠᠷᠠᠬᠤ ᠦᠭᠡᠢ ᠪᠥᠭᠡᠲᠡᠯ᠎ᠡ ᠬᠤᠪᠢ ᠲᠤᠰᠠᠭᠠᠷ ᠣᠯᠵᠤ ᠵᠦᠳᠡᠷᠡᠭᠡᠨ ᠲᠡᠢ ᠡᠳ᠋ ᠢ᠋ ᠡᠷᠢᠬᠦ ᠶᠣᠰᠣ ᠪᠣᠢ ᠤᠤ ! ᠨᠡᠩ ᠪᠠᠰᠠ ᠡᠷ᠎ᠡ ᠡᠮ᠎ᠡ ᠶ᠋ᠢ ᠴᠥᠮ ᠠᠪᠠᠴᠢᠬᠤ ᠪᠥᠭᠡᠰᠦ ᠳᠠᠬᠢᠨ ᠲᠡᠷᠡ ᠬᠣᠲᠠ ᠪᠠᠯᠭᠠᠳ ᠢ᠋ ᠪᠠᠢᠯᠳᠤᠨ ᠠᠪᠴᠤ ᠴᠢᠳᠠᠮᠤᠢ ᠤᠤ ? ᠡᠨᠡ ᠢᠨᠤ ᠤᠴᠢᠷ ᠦᠭᠡᠢ ᠬᠡᠷᠡᠭ ᠵᠣᠬᠢᠶᠠᠨ ᠮᠣᠩᠭᠣᠯ ᠢ᠋ ᠳᠣᠷᠣᠮᠵᠢᠯᠠᠬᠤ ᠠᠨᠤ ᠯᠠᠪ᠂ ᠠᠯᠢ ᠤᠯᠤᠰ ᠳᠡᠯᠡᠬᠡᠢ ᠳ᠋ᠠᠬᠢᠨ ᠢ᠋ ᠤᠯᠬᠤᠢ ᠳ᠋ᠤᠷ ᠲᠡᠮᠡᠴᠡᠯ ᠦᠭᠡᠢ ᠠᠵᠢ ! ᠳᠡᠯᠡᠬᠡᠢ ᠳ᠋ᠠᠭᠢᠨ᠎ᠠ ᠲᠡᠮᠡᠴᠡᠯ ᠭᠠᠷᠬᠤ ᠳ᠋ᠤᠷ ᠣᠯᠠᠨ ᠢᠷᠭᠡᠨ ᠦ᠌ ᠵᠣᠪᠠᠬᠤ ᠠᠨᠤ ᠡᠷᠲᠡᠨ ᠡᠴᠡ ᠡᠳᠦᠭᠡ ᠬᠦᠷᠲᠡᠯ᠎ᠡ ᠨᠢᠭᠡᠨ ᠠᠳᠠᠯᠢ ᠪᠥᠭᠡᠲᠡᠯ᠎ᠡ ᠬᠣᠣᠷᠲᠤ ᠢᠷᠭᠡᠨ᠂ ᠮᠣᠩᠭᠣᠯ ᠢ᠋ ᠮᠠᠭᠤ ᠬᠡᠯᠡᠮᠦᠢ ᠬᠡᠮᠡᠭᠰᠡᠭᠡᠷ ᠥᠪᠡᠷ ᠦ᠋ᠨ ᠲᠤᠮᠣᠨᠴᠠᠭ ᠢ᠋ᠶ᠋ᠠᠨ ᠭᠠᠷᠭᠠᠭᠠᠳ ᠲᠦᠮᠡᠨ ᠦᠭᠡ ᠳ᠋ᠦ᠍ᠷ ᠣᠯᠢᠭ ᠢ᠋ᠶ᠋ᠠᠨ ᠮᠡᠳᠡᠭᠳᠡᠵᠦᠬᠦᠢ ᠃ᠲᠡᠢᠮᠦ ᠪᠣᠯᠪᠠᠰᠤ ᠲᠡᠷᠡ ᠨᠡᠩᠳᠡ ᠲᠡᠭᠷᠢ ᠶ᠋ᠢᠨ ᠴᠠᠭ ᠲᠤᠯᠠ ᠣᠳᠣ ᠲᠡᠭᠷᠢ ᠡᠴᠡ ᠵᠥᠷᠢᠴᠡᠰᠦᠭᠡᠢ ᠬᠡᠮᠡᠭᠰᠡᠨ ᠰᠠᠨᠠᠭᠠᠨ ᠪᠣᠯᠬᠤ ᠦᠭᠡᠢ ᠦᠦ ? ᠨᠡᠩ ᠪᠠᠰᠠ ᠲᠡᠳᠡᠨ ᠦ᠌《ᠭᠠᠩ ᠮᠦ᠍ ᠪᠢᠴᠢᠭ 》 ᠲᠣᠷ ᠬᠡᠯᠡᠭᠰᠡᠨ ᠢ᠋ᠶ᠋ᠡᠷ ᠡᠳᠦᠭᠡᠬᠢ ᠢᠷᠭᠡᠨ ᠴᠥᠮ ᠮᠣᠩᠭᠣᠯ ᠤ᠋ᠨ ᠭᠡᠷ ᠲᠦ᠍ ᠪᠣᠭᠣᠯ ᠠ᠋ᠴᠠ ᠢᠯᠡᠭᠦᠦ ᠲᠤᠯᠠ ᠡᠳᠦᠭᠡ ᠪᠠᠰᠠ ᠮᠣᠩᠭᠣᠯ ᠢ᠋ ᠬᠡᠯᠡᠭᠰᠡᠨ ᠢᠨᠦ ᠶᠡᠬᠡᠯ᠎ᠡ ᠨᠡᠢᠴᠡᠬᠦ᠃ ᠵᠢᠴᠢ ᠡᠴᠢᠭᠡ ᠪᠡᠨ ᠰᠥᠷᠦᠭᠰᠡᠨ ᠪᠤᠰᠤ ᠤᠤ ? ᠡᠨᠡ ᠪᠠᠰᠠ ᠶᠠᠭᠤᠨ ᠳ᠋ᠤᠷ ᠡᠨᠡ ᠮᠡᠲᠦ ᠲᠩᠷᠢ ᠶ᠋ᠢ ᠰᠥᠷᠴᠦ ᠡᠴᠢᠭᠡ ᠪᠡᠨ ᠲᠡᠰᠡᠷᠭᠦᠯᠡᠨ ᠡᠨᠡ ᠰᠡᠳᠬᠢᠯ ᠢ᠋ ᠡᠪᠦᠷᠯᠡᠵᠦ ᠥᠪᠡᠷᠮᠢᠴᠡ ᠦᠭᠡᠰ ᠢ᠋ ᠬᠡᠯᠡᠭᠰᠡᠨ ᠪᠣᠢ ?  

ᠰᠤᠳᠤᠷᠴᠢ ᠲᠦᠰᠢᠮᠡᠯ ᠢᠨᠵᠠᠨᠨᠠᠰᠢ ᠶ᠋ᠢᠨ ᠰᠤᠯᠠ ᠰᠢᠯᠦᠭ ᠢᠨᠤ : 
             ᠪᠣᠭᠳᠠ ᠴᠢᠩᠭᠢᠰ ᠶᠦᠩ ᠶ᠋ᠢᠢ ᠶ᠋ᠢᠨ ᠠᠯᠠᠭᠳᠠᠬᠤ ᠶ᠋ᠢ ᠬᠡᠳᠦᠢᠨᠡᠢ ᠲᠣᠯᠢᠳᠠᠵᠤ ᠠᠢᠯᠠᠳᠪᠠ 
             ᠪᠤᠷᠤᠭᠤ ᠸᠧᠢ ᠸᠠᠩ ᠦᠬᠦᠬᠦᠢ ᠴᠠᠭ ᠲᠤᠷ ᠭᠡᠨᠡᠳᠲᠡ ᠮᠣᠩᠭᠣᠯ ᠢ᠋ ᠰᠡᠳᠬᠢᠪᠡ᠂ 
             ᠪᠤᠭᠤᠷᠤᠯ ᠯᠤᠤᠰ ᠨᠢᠭᠡᠨᠲᠡ ᠵᠠᠩᠳᠠᠭᠰᠠᠨ᠎ᠠ ᠲᠡᠭᠷᠢ ᠶ᠋ᠢᠨ ᠰᠦᠷ ᠲᠦᠮᠡᠨ ᠵᠠᠩ ᠳᠠᠭᠤᠷᠢᠰᠴᠤ  
             ᠪᠤᠰᠤᠴᠢᠷ ᠰᠥᠷᠬᠦ ᠶ᠋ᠢ ᠬᠢᠳᠤᠨ ᠠᠷᠢᠯᠭᠠᠬᠤᠶ᠎ᠠ ᠠᠶᠤᠩᠭ᠎ᠠ ᠮᠡᠲᠦ ᠬᠤᠷᠴᠠ !