ᠪᠠᠭᠰᠢ ᠶᠢᠨ ᠳᠠᠭᠤᠨ ᠤ ᠴᠣᠮᠣᠷᠯᠢᠭ- ᠱ ∙ ᠬᠦᠷᠪᠡᠯᠪᠠᠭᠠᠲᠤᠷ Багшийн дууны цоморлиг- Ш.Хүрэлбаатар
ᠪᠠᠭᠰᠢ ᠶ᠋ᠢᠨ ᠳᠠᠭᠤᠤ ᠶ᠋ᠢᠨ ᠴᠣᠮᠣᠷᠯᠢᠭ
ᠱ· ᠬᠦᠷᠪᠡᠯᠪᠠᠭᠠᠲᠤᠷ
ᠦᠵᠦᠭ ᠪᠠᠷᠢᠭᠰᠠᠨ ᠲᠤᠷᠢᠬᠠᠨ ᠭᠠᠷ ᠲᠤ᠌ ᠮᠢᠨᠢ
ᠦᠭᠡ ᠬᠣᠯᠪᠣᠬᠤ ᠠᠷᠭ᠎ᠠ ᠶ᠋ᠢ ᠵᠢᠭᠠᠭᠰᠠᠨ
ᠪᠠᠭ᠎ᠠ ᠠᠩᠭᠢ ᠶ᠋ᠢᠨ ᠪᠠᠭᠰᠢ ᠳ᠋ᠤ᠌ ᠪᠠᠨ ᠪᠠᠶᠠᠷᠯᠠᠯ᠎ᠠ
ᠪᠠᠯᠴᠢᠷᠬᠠᠨ ᠪᠢ ᠴᠢᠨᠢ ᠪᠢᠴᠢᠵᠦ ᠪᠣᠳᠣᠵᠤ ᠤᠩᠰᠢᠵᠤ ᠰᠤᠷᠤᠯ᠎ᠠ
ᠠ ᠠ᠁
ᠪᠠᠭ᠎ᠠ ᠠᠩᠭᠢ ᠶ᠋ᠢᠨ ᠪᠠᠭᠰᠢ ᠳ᠋ᠤ᠌ ᠪᠠᠨ ᠪᠢ ᠬᠠᠢᠷᠠᠲᠠᠢ
ᠭᠤᠷᠪᠠᠯᠵᠢᠨ ᠣᠷᠣᠢᠲᠠᠢ ᠴᠠᠭᠠᠨ ᠦᠷᠭᠦᠭᠡᠨ ᠳ᠋ᠦ᠍ ᠪᠡᠨ
ᠭᠤᠴᠢᠨ ᠱᠠᠪᠢ ᠳ᠋ᠤ᠌ ᠪᠠᠨ ᠡᠷᠳᠡᠮ ᠬᠠᠢᠷᠠᠯᠠᠭᠰᠠᠨ
ᠣᠷᠴᠢᠯᠠᠩ ᠢ᠋ ᠲᠠᠨᠢᠬᠤ ᠶ᠋ᠢᠨ ᠡᠭᠦᠳᠡ ᠶ᠋ᠢ ᠨᠡᠭᠡᠭᠡᠭᠡᠳ
ᠣᠷᠭᠢᠯᠤᠭᠤᠨ ᠬᠦᠰᠡᠯ ᠳ᠋ᠦ᠍ ᠮᠢᠨᠢ ᠵᠢᠭᠦᠷ ᠤᠷᠭᠤᠭᠤᠯᠤᠭᠰᠠᠨ
ᠦᠵᠦᠭ ᠪᠠᠷᠢᠭᠰᠠᠨ ᠠᠮᠢᠳᠤ ᠪᠤᠷᠬᠠᠨ
ᠦᠭᠡᠢᠯᠡᠨ ᠰᠠᠨᠠᠭᠰᠠᠨ ᠮᠢᠨᠦ ᠪᠠᠭᠰᠢ ᠲᠠ ᠪᠠᠭᠰᠢ ᠲᠠ
ᠣᠨᠢᠰᠣ ᠶ᠋ᠢ ᠲᠠᠢᠯᠤᠨ ᠡᠷᠳᠡᠮ ᠦ᠋ᠨ ᠡᠭᠦᠳᠡ ᠨᠡᠭᠡᠭᠡᠵᠦ ᠥᠭᠴᠡᠢ ᠲᠠ
ᠣᠶᠤᠨ ᠭᠡᠢᠯᠭᠡᠨ ᠡᠭᠡᠯᠢᠲᠡᠢ ᠵᠠᠮ ᠵᠢᠭᠠᠵᠤ ᠲᠠ
ᠣᠷᠣᠢ ᠳ᠋ᠤ᠌ ᠳᠡᠭᠡᠳᠦᠯᠡᠮᠡ ᠠᠷᠠᠳ ᠤ᠋ᠨ ᠪᠠᠭᠰᠢ ᠲᠠᠨ ᠤ᠋
ᠣᠢ ᠳ᠋ᠤ᠌ ᠰᠢᠩᠭᠡᠭᠰᠡᠨ ᠪᠠᠭᠠᠲᠤᠷ ᠰᠦᠷ ᠢ᠋ ᠮᠠᠭᠲᠠᠶ᠎ᠠ
ᠣᠷᠣᠢ ᠳ᠋ᠤ᠌ ᠳᠡᠭᠡᠳᠦᠯᠡᠮᠡ ᠠᠷᠠᠳ ᠤ᠋ᠨ ᠪᠠᠭᠰᠢ ᠲᠠᠨ ᠤ᠋
ᠣᠢ ᠳ᠋ᠤ᠌ ᠰᠢᠩᠭᠡᠭᠰᠡᠨ ᠪᠠᠭᠠᠲᠤᠷ ᠰᠦᠷ ᠢ᠋ ᠮᠠᠭᠲᠠᠶ᠎ᠠ
ᠣᠷᠣᠢ ᠳ᠋ᠤ᠌ ᠳᠡᠭᠡᠳᠦᠯᠡᠮᠡ ᠠᠷᠠᠳ ᠤ᠋ᠨ ᠪᠠᠭᠰᠢ ᠲᠠᠨ ᠤ᠋
ᠣᠢ ᠳ᠋ᠤ᠌ ᠰᠢᠩᠭᠡᠭᠰᠡᠨ ᠪᠠᠭᠠᠲᠤᠷ ᠰᠦᠷ ᠢ᠋ ᠮᠠᠭᠲᠠᠶ᠎ᠠ
ᠭᠠᠭᠴᠠᠬᠠᠨ ᠮᠢᠨᠦ ᠡᠵᠢ ᠶ᠋ᠢᠨ ᠬᠢ ᠭᠡᠮᠡᠷ
ᠬᠠᠯᠠᠮᠵᠢ ᠳᠦᠭᠦᠷᠡᠩ ᠰᠡᠳᠬᠢᠯ ᠲᠡᠢ ᠲᠠ
ᠠᠯᠤᠰ ᠤ᠋ᠨ ᠬᠠᠷᠭᠤᠢ ᠳ᠋ᠤ᠌ ᠳᠠᠭᠠᠭᠤᠯᠵᠤ ᠶᠠᠪᠤᠭ᠎ᠠ
ᠠᠷᠠᠳ ᠤ᠋ᠨ ᠪᠠᠭᠰᠢ ᠲᠠ ᠮᠢᠨᠦ ᠡᠵᠢ
ᠤᠬᠠᠭᠠᠨ ᠪᠣᠳᠣᠯ ᠢ᠋ᠶ᠋ᠠᠷ ᠴᠡᠯᠮᠡᠭᠰᠡᠨ
ᠠᠭᠤᠳᠠᠮ ᠣᠷᠴᠢᠯᠠᠩ ᠡᠩ ᠦᠭᠡᠢ ᠶᠦᠮ ᠠ᠋
ᠡᠷᠳᠡᠮ ᠦ᠋ᠨ ᠰᠢᠮ᠎ᠡ ᠶ᠋ᠢ ᠬᠦᠷᠲᠡᠭᠡᠭᠰᠡᠨ
ᠡᠨᠡᠷᠢᠯᠲᠦ ᠬᠥᠮᠦᠨ ᠨᠢ ᠪᠠᠭᠰᠢ ᠶᠤᠮ ᠠ᠋
ᠪᠠᠭᠰᠢ ᠶ᠋ᠢᠨ ᠪᠠᠭᠰᠢ ᠶ᠋ᠢᠨ ᠱᠠᠪᠢ ᠨᠠᠷ
ᠪᠢᠳᠡ ᠪᠦᠭᠦᠳᠡᠭᠡᠷ ᠢ᠋ᠶ᠋ᠡᠷ ᠪᠠᠭᠰᠢ ᠳ᠋ᠤ᠌ ᠪᠠᠨ ᠬᠠᠢᠷᠠᠲᠠᠢ
ᠪᠠᠭᠰᠢ ᠶ᠋ᠢᠨ ᠪᠠᠭᠰᠢ ᠶ᠋ᠢᠨ ᠱᠠᠪᠢ ᠨᠠᠷ
ᠪᠢᠳᠡ ᠪᠦᠭᠦᠳᠡᠭᠡᠷ ᠢ᠋ᠶ᠋ᠡᠷ ᠪᠠᠭᠰᠢ ᠳ᠋ᠤ᠌ ᠪᠠᠨ ᠬᠠᠢᠷᠠᠲᠠᠢ
ᠪᠢᠳᠡ ᠪᠦᠭᠦᠳᠡᠭᠡᠷ ᠢ᠋ᠶ᠋ᠡᠷ ᠪᠠᠭᠰᠢ ᠳ᠋ᠤ᠌ ᠪᠠᠨ ᠬᠠᠢᠷᠠᠲᠠᠢ
ᠦᠰᠦᠭ ᠠᠮᠢᠯᠠᠭᠤᠯᠤᠭᠴᠢ᠄ ᠠᠵᠠᠵᠠᠶᠠᠭ᠎ᠠ
ᠦᠰᠦᠭ ᠬᠠᠲᠠᠭᠴᠢ᠄ ᠠᠵᠠᠵᠠᠶᠠᠭ᠎ᠠ
ᠬᠢᠨᠠᠭᠴᠢ᠄ ᠭᠠᠷᠮ᠎ᠠ ᠢᠷᠡᠭᠡᠳᠦᠢ
