ᠪᠤᠷᠬᠠᠨ ᠤ᠋ ᠡᠩᠲᠡᠢ ᠢᠵᠢᠢ-ᠳ᠋ ᠣᠳᠬᠠᠨᠵᠢᠷᠭᠠᠯБурханы Энтэй Ижий-Д. Отгонжаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠤ᠋ ᠡᠩᠲᠡᠢ ᠢᠵᠢᠢ-ᠳ᠋ ᠣᠳᠬᠠᠨᠵᠢᠷᠭᠠᠯБурханы Энтэй Ижий-Д. Отгонжаргал

ᠪᠤᠷᠬᠠᠨ ᠤ᠋ ᠡᠩᠲᠡᠢ ᠢᠵᠢᠢ-ᠳ᠋ ᠣᠳᠬᠠᠨᠵᠢᠷᠭᠠᠯБурханы Энтэй Ижий-Д. Отгонжаргал

ᠠᠩᠭᠢᠯᠠᠯ:ᠳᠠᠭᠤᠤ ᠬᠥᠭᠵᠢᠮ
2023-09-08

406

ᠪᠤᠷᠬᠠᠨ ᠤ᠋ ᠡᠩᠲᠡᠢ ᠢᠵᠢᠢ

   ᠦᠭᠡ ᠄ ᠴ᠂ ᠪᠠᠶᠠᠷᠬᠦᠦ
   ᠠᠶ᠎ᠠ ᠄ ᠨ᠂ ᠵᠠᠩᠴᠢᠨᠨᠣᠷᠪᠤ
   ᠳᠠᠭᠤᠴᠢᠨ ᠄ᠳ ᠂ᠣᠳᠬᠣᠨᠵᠢᠷᠭᠠᠯ

ᠪᠠᠶᠠᠷᠯᠠᠬᠤ ᠳ᠋ᠤ᠌ ᠪᠠᠨ ᠴᠤ᠌ ᠮᠥᠷᠡᠨ ᠰᠢᠭ ᠨᠠᠯᠠᠢᠵᠤ ᠲᠡᠨᠢᠢᠬᠦ ᠶ᠋ᠢ 
ᠪᠠᠴᠢᠮᠳᠠᠬᠤ ᠳ᠋ᠤ᠌ ᠪᠠᠨ ᠴᠤ᠌ ᠠᠭᠤᠯᠠ ᠰᠢᠭ᠋ ᠬᠠᠩᠬᠠᠢᠵᠤ ᠰᠠᠭᠤᠬᠤ ᠶ᠋ᠢ 
ᠪᠤᠬᠢᠨᠢᠳᠤᠬᠤ ᠳ᠋ᠤ᠌ ᠪᠠᠨ ᠴᠤ᠌ ᠬᠣᠷᠸ᠎ᠠ ᠶ᠋ᠢ ᠠᠷᠭᠠᠳᠠᠵᠤ ᠣᠯᠬᠤ ᠶᠢ 
ᠪᠣᠳᠣᠬᠤ ᠳ᠋ᠤ᠌ ᠪᠠᠨ ᠴᠤ᠌ ᠤᠬᠠᠭᠠᠷᠠᠵᠤ ᠶᠠᠪᠤᠬᠤ ᠶ᠋ᠢ ᠵᠠᠬᠢᠭᠰᠠᠨ 
ᠢᠵᠢᠢ ᠮᠢᠨᠢ ᠳᠡ 
ᠤᠬᠢᠯᠠᠬᠤ ᠳ᠋ᠤ᠌ ᠪᠠᠨ ᠴᠤ᠌ ᠪᠣᠷᠣᠭ᠎ᠠ ᠰᠢᠭ᠋ ᠠᠰᠬᠠᠷᠠᠵᠤ ᠠᠷᠢᠭᠤᠰᠬᠤ ᠶ᠋ᠢ 
ᠤᠷᠮᠠᠰᠢᠬᠤ ᠳ᠋ᠤ᠌ ᠪᠠᠨ ᠴᠤ᠌ ᠪᠣᠳᠣᠯ ᠢ᠋ᠶ᠋ᠠᠨ ᠳᠡᠪᠡᠷᠡᠭᠡᠨ ᠪᠠᠶᠠᠰᠬᠤ ᠶ᠋ᠢ 
ᠤᠬᠠᠭᠠᠷᠠᠬᠤ ᠳ᠋ᠤ᠌ ᠪᠠᠨ ᠴᠤ᠌ ᠲᠡᠭᠷᠢ ᠰᠢᠭ ᠲᠡᠨᠢᠭᠦᠨ ᠴᠡᠯᠡᠢᠬᠦ ᠶ᠋ᠢ 
ᠤᠢᠮᠤᠷᠠᠬᠤ ᠳ᠋ᠤ᠌ ᠪᠠᠨ ᠴᠤ᠌ ᠠᠮᠤᠭᠤᠯᠠᠩ ᠪᠠᠢᠬᠤ ᠶ᠋ᠢ ᠰᠤᠷᠭᠠᠭᠰᠠᠨ
ᠢᠵᠢᠢ ᠮᠢᠨᠢ ᠳᠡ
ᠪᠤᠷᠬᠠᠨ ᠪᠤᠷᠬᠠᠨ ᠭᠡᠬᠦ ᠯᠡ ᠶᠦᠮ
ᠪᠤᠷᠬᠠᠨ ᠤ᠋ ᠡᠩᠲᠡᠢ ᠨᠢ ᠲᠠ ᠰᠢᠦ ᠳᠡ
ᠳᠡᠭᠡᠳᠦ ᠶ᠋ᠢᠨ ᠳᠡᠭᠡᠳᠦ ᠯᠡ ᠭᠡᠬᠦ ᠶᠦᠮ
ᠳᠡᠭᠡᠳᠦᠰ ᠦ᠋ᠨ ᠳᠡᠭᠡᠳᠦ ᠨᠢ ᠲᠠ ᠰᠢᠦ ᠳᠡ
ᠢᠵᠢᠢ ᠮᠢᠨᠢ ᠳᠡ

ᠬᠠᠢᠷᠠᠯᠠᠬᠤ ᠳ᠋ᠤ᠌ ᠪᠠᠨ ᠴᠤ᠌ ᠨᠠᠷᠠᠨ ᠰᠢᠭ ᠡᠭᠡᠭᠡᠵᠦ ᠢᠪᠡᠭᠡᠬᠦ ᠶ᠋ᠢ
ᠬᠠᠷᠠᠮᠯᠠᠬᠤ ᠳ᠋ᠤ᠌ ᠪᠠᠨ ᠴᠤ᠌ ᠨᠡᠷᠡᠲᠦ ᠶ᠋ᠢ ᠳᠡᠯᠭᠡᠭᠡᠳ ᠥᠭᠬᠦ ᠶ᠋ᠢ
ᠬᠠᠨᠢᠰᠠᠬᠤ ᠳ᠋ᠤ᠌ ᠪᠠᠨ ᠴᠤ᠌ ᠰᠠᠷᠠᠨ ᠰᠢᠭ᠋ ᠭᠡᠭᠡᠷᠡᠵᠦ ᠠᠭᠤᠰᠬᠤ ᠶ᠋ᠢ
ᠬᠠᠷᠠᠮᠰᠠᠬᠤ ᠳ᠋ᠤ᠌ ᠪᠠᠨ ᠴᠤ᠌ ᠡᠭᠡᠯᠢᠲᠡᠢ ᠶᠠᠪᠤᠬᠤ ᠶ᠋ᠢ ᠵᠠᠬᠢᠭᠰᠠᠨ
ᠢᠵᠢᠢ ᠮᠢᠨᠢ ᠳᠡ
ᠪᠤᠷᠬᠠᠨ ᠪᠤᠷᠬᠠᠨ ᠭᠡᠬᠦ ᠯᠡ ᠶᠦᠮ
ᠪᠤᠷᠬᠠᠨ ᠤ᠋ ᠡᠩᠲᠡᠢ ᠨᠢ ᠳᠡ ᠰᠢᠦ ᠳᠡ
ᠳᠡᠭᠡᠳᠦ ᠶ᠋ᠢᠨ ᠳᠡᠭᠡᠳᠦ ᠯᠡ ᠭᠡᠬᠦ ᠶᠦᠮ
ᠳᠡᠭᠡᠳᠦᠰ ᠦ᠋ᠨ ᠳᠡᠭᠡᠳᠦ ᠨᠢ ᠳᠡ ᠰᠢᠦ ᠳᠡ
ᠢᠵᠢᠢ ᠮᠢᠨᠢ ᠳᠡ
ᠪᠤᠷᠬᠠᠨ ᠪᠤᠷᠬᠠᠨ ᠭᠡᠬᠦ ᠯᠡ ᠶᠦᠮ
ᠪᠤᠷᠬᠠᠨ ᠤ᠋ ᠡᠩᠲᠡᠢ ᠨᠢ ᠲᠠ ᠰᠢᠦ ᠳᠡ
ᠳᠡᠭᠡᠳᠦ ᠶ᠋ᠢᠨ ᠳᠡᠭᠡᠳᠦ ᠯᠡ ᠭᠡᠬᠦ ᠶᠦᠮ
ᠳᠡᠭᠡᠳᠦᠰ ᠦ᠋ᠨ ᠳᠡᠭᠡᠳᠦ ᠨᠢ ᠲᠠ ᠰᠢᠦ ᠳᠡ
ᠢᠵᠢᠢ ᠮᠢᠨᠢ ᠳᠡ

   ᠦᠰᠦᠭ ᠠᠮᠢᠯᠠᠭᠤᠯᠤᠭᠰᠠᠨ ᠨᠢ ᠄ ᠭᠠᠸᠠ
   ᠦᠰᠦᠭ ᠬᠠᠲᠠᠭᠰᠠᠨ ᠨᠢ ᠄ ᠭᠠᠸᠠ
   ᠦᠰᠦᠭ ᠬᠢᠨᠠᠭᠴᠢ ᠄ ᠢᠷᠡᠭᠡᠳᠦᠢ