ᠬᠣᠩᠭᠣᠷᠬᠠᠨ ᠦᠷ᠎ᠡ ᠮᠢᠨᠢ-ᠰ ∙ ᠵᠢᠪᠬᠤᠯᠠᠩ᠂ ᠲ ∙ ᠪᠠᠶᠠᠰᠬᠤᠯᠠᠩХонгорхон үр минь-С.Жавхлан, Т.Баясгалан
ᠬᠣᠩᠭᠣᠷᠬᠠᠨ ᠦᠷ᠎ᠡ ᠮᠢᠨᠢ
ᠦᠭᠡ᠄ ᠳᠠᠮᠢᠷᠢᠨ
ᠠᠶ᠎ᠠ᠄ ᠲᠦᠮᠡᠨᠪᠠᠶᠠᠷ
ᠳᠠᠭᠤᠴᠢᠨ᠄ ᠪᠠᠶᠠᠰᠬᠤᠯᠠᠩ᠂ ᠵᠢᠪᠬᠤᠯᠠᠩ
ᠬᠠᠢᠷ᠎ᠠ ᠶ᠋ᠢᠨ ᠲᠩᠷᠢ ᠳ᠋ᠦ᠍ ᠪᠤᠶᠠᠨ ᠳᠠᠭᠤᠳᠠᠭᠰᠠᠨ
ᠬᠠᠨᠢ ᠶ᠋ᠢᠨ ᠡᠩᠭᠡᠷ ᠲᠦ᠍ ᠵᠠᠶᠠᠭ᠎ᠠ ᠬᠠᠢᠷᠠᠯᠠᠭᠰᠠᠨ
ᠬᠥᠮᠦᠨ ᠪᠦᠬᠦᠨ ᠥᠬᠥᠭᠡᠷᠳᠡᠨ ᠲᠣᠭᠯᠠᠬᠤ
ᠬᠦᠦ ᠲᠡᠢ ᠪᠣᠯᠬᠤ ᠰᠠᠢᠬᠠᠨ ᠶᠤᠮ ᠠ᠋!
ᠦᠷ᠎ᠡ ᠪᠡᠨ ᠭᠡᠳ ᠪᠣᠳᠣᠬᠤ ᠶ᠋ᠢᠨ ᠵᠠᠭᠤᠷ᠎ᠠ
ᠦᠨᠦᠷ ᠨᠢ ᠬᠠᠩᠬᠤᠯᠵᠤ ᠰᠡᠳᠬᠢᠯ ᠰᠡᠷᠭᠦᠨ᠎ᠡ᠃
ᠲᠣᠭᠣᠨᠣ ᠪᠠᠷ ᠲᠤᠰᠬᠤ ᠨᠠᠷᠠ ᠶ᠋ᠢ ᠠᠵᠢᠭᠠᠳ
ᠲᠤᠯᠭᠠᠨ ᠤ᠋ ᠭᠠᠯ ᠢ᠋ ᠲᠣᠭᠣᠷᠢᠵᠤ ᠮᠥᠯᠬᠥᠭᠰᠡᠨ
ᠭᠡᠷ ᠦ᠋ᠨ ᠬᠣᠢᠮᠣᠷ ᠲᠤ᠌ ᠡᠳᠦᠷᠵᠢᠨ ᠱᠤᠯᠤᠭᠠᠨᠠᠭᠠᠳ
ᠡᠷᠪᠡᠬᠡᠢ ᠦᠷ᠎ᠡ ᠮᠢᠨᠢ ᠡᠩᠬᠦᠷᠡᠢᠬᠡᠨ ᠶᠦᠮ ᠠ᠋!
ᠦᠷ᠎ᠡ ᠪᠡᠨ ᠭᠡᠳ ᠪᠣᠳᠣᠬᠤ ᠶ᠋ᠢᠨ ᠵᠠᠭᠤᠷ᠎ᠠ
ᠦᠨᠦᠷ ᠨᠢ ᠬᠠᠩᠬᠤᠯᠵᠤ ᠰᠡᠳᠬᠢᠯ ᠨᠢ ᠰᠡᠷᠭᠦᠨ᠎ᠡ᠃
ᠬᠦᠰᠡᠯ ᠦ᠋ᠨ ᠲᠩᠷᠢ ᠳ᠋ᠦ᠍ ᠪᠤᠶᠠᠨ ᠳᠠᠭᠤᠳᠠᠭᠰᠠᠨ
ᠬᠥᠮᠦᠨ ᠦ᠌ ᠡᠩᠭᠡᠷ ᠲᠦ᠍ ᠵᠠᠶᠠᠭ᠎ᠠ ᠬᠠᠢᠷᠠᠯᠠᠭᠰᠠᠨ
ᠬᠥᠮᠦᠨ ᠪᠦᠬᠦᠨ ᠥᠬᠥᠭᠡᠷᠳᠡᠨ ᠲᠣᠭᠯᠠᠬᠤ
ᠬᠦᠦ ᠲᠡᠢ ᠪᠣᠯᠬᠤ ᠵᠢᠷᠭᠠᠯ ᠶᠤᠮ ᠠ᠋!
ᠦᠷ᠎ᠡ ᠪᠡᠨ ᠭᠡᠳ ᠪᠣᠳᠣᠬᠤ ᠶ᠋ᠢᠨ ᠵᠠᠭᠤᠷ᠎ᠠ
ᠦᠨᠦᠷ ᠨᠢ ᠬᠠᠩᠬᠤᠯᠵᠤ ᠰᠡᠳᠬᠢᠯ ᠰᠡᠷᠭᠦᠨ᠎ᠡ
ᠦᠷ᠎ᠡ ᠪᠡᠨ ᠭᠡᠳ ᠪᠣᠳᠣᠬᠤ ᠶ᠋ᠢᠨ ᠵᠠᠭᠤᠷ᠎ᠠ
ᠦᠨᠦᠷ ᠨᠢ ᠬᠠᠩᠬᠤᠯᠵᠤ ᠰᠡᠳᠬᠢᠯ ᠰᠡᠷᠭᠦᠨ᠎ᠡ᠃
ᠦᠰᠦᠭ ᠠᠮᠢᠯᠠᠭᠤᠯᠤᠭᠴᠢ᠄ ᠮᠥᠩᠭᠥᠨ
ᠦᠰᠦᠭ ᠬᠠᠳᠠᠭᠴᠢ᠄ ᠮᠥᠩᠭᠥᠨ
ᠬᠢᠨᠠᠭᠴᠢ᠄ ᠣᠳᠬᠠᠨᠰᠣ᠎ᠠ
