ᠰᠠᠢᠪᠤᠷ ᠰᠢᠷᠭ᠎ᠠсайвар шарга-ᠣᠷᠳᠣᠰ ᠠᠷᠠᠳ ᠤᠨ ᠳᠠᠭᠤᠤ43
ᠰᠠᠢᠪᠤᠷ ᠰᠢᠷᠭ᠎ᠠ
ᠰᠠᠢᠪᠤᠷ ᠰᠢᠷᠭ᠎ᠠ ᠮᠣᠷᠢ ᠶ᠋ᠢ ᠪᠡᠨ
ᠰᠠᠨᠠᠭ᠎ᠠ ᠲᠠᠢ ᠪᠠᠨ ᠲᠡᠩᠴᠡᠳᠡᠭ ᠳ᠋ᠣᠣ
ᠰᠠᠨᠠᠭᠰᠠᠨ ᠭᠠᠵᠠᠷ ᠲᠤ᠌ ᠪᠠᠨ ᠬᠦᠷᠦᠶ᠎ᠡ ᠭᠡᠪᠡᠯ
ᠰᠠᠨᠠᠭᠠᠨ ᠠ᠋ᠴᠠ ᠪᠠᠨ ᠭᠠᠷᠳᠠᠭ ᠦᠭᠡᠢ ᠶᠦ᠍ᠮ
ᠤᠯᠠᠭᠠᠨ ᠪᠤᠭᠤᠷᠤᠯ ᠮᠣᠷᠢ ᠶᠠᠨ ᠪᠠᠢᠨ᠎ᠠ
ᠠᠭᠤᠯᠠ ᠶ᠋ᠢᠨ ᠢ᠋ᠶ᠋ᠡᠨ ᠪᠠᠯ ᠳᠡᠭᠡᠷ᠎ᠡ ᠪᠡᠨ ᠰᠢᠦ
ᠤᠷᠠᠳ ᠤ᠋ᠨ ᠬᠤᠰᠢᠭᠤᠨ ᠤ᠋ ᠦᠲᠦᠷᠮ᠎ᠡ ᠴᠢᠨᠢ
ᠬᠠᠷᠢᠬᠤ ᠶ᠋ᠢᠨ ᠵᠠᠮ ᠳᠡᠭᠡᠷ᠎ᠡ ᠪᠡᠨ ᠰᠢᠦ
ᠬᠣᠯᠠ ᠮᠣᠷᠢ ᠪᠠᠨ ᠤᠨᠤᠶ᠎ᠠ ᠭᠡᠪᠡᠯ
ᠬᠤᠩᠲᠠᠢ ᠲᠠᠷᠭᠤ ᠲᠠᠢ ᠪᠠᠢᠳᠠᠭ ᠳ᠋ᠣᠣ
ᠬᠣᠶᠠᠷ ᠵᠢᠯ ᠦ᠋ᠨ ᠶᠠᠮᠤᠨ ᠳ᠋ᠤ᠌ ᠰᠠᠭᠤᠭᠠᠳ
ᠬᠣᠩᠬᠣᠯᠵᠠᠭᠠᠳ ᠢᠷᠡᠭᠰᠡᠨ ᠳ᠋ᠣᠣ
ᠬᠣᠶᠠᠷ ᠠᠭᠤᠯᠠ ᠶ᠋ᠢᠨ ᠵᠠᠪᠰᠠᠷ ᠲᠤ᠌
ᠬᠤᠢ ᠰᠠᠯᠬᠢᠨ ᠬᠤᠢᠮᠤᠰᠭᠢᠨᠠ
ᠬᠣᠩᠭᠣᠷ ᠬᠣᠶᠠᠭᠤᠯᠠ ᠶ᠋ᠢᠨ ᠳᠤᠮᠳᠠ
ᠬᠣᠪᠴᠢ ᠬᠥᠮᠦᠨ ᠬᠤᠢᠮᠠᠯᠵᠠᠨᠠ
ᠦᠶᠡᠷ ᠵᠠᠳᠠᠭᠠᠢ ᠶ᠋ᠢᠨ ᠤᠰᠤ ᠪᠠᠢᠩᠭᠤᠨ
ᠤᠯᠠᠭᠠᠨ ᠲᠠᠢ ᠯᠠ ᠪᠠᠢᠯᠭᠦᠢ ᠳᠡ
ᠦᠶ᠎ᠡ ᠶ᠋ᠢᠨ ᠪᠠᠭ᠎ᠠ ᠶ᠋ᠢᠨ ᠨᠠᠰᠤ ᠪᠠᠢᠩᠭᠤᠨ
ᠤᠬᠠᠭᠠᠨ ᠲᠠᠢ ᠴᠤ᠌ ᠪᠠᠢᠯᠭᠦᠢ ᠳᠡ
ᠰᠢᠪᠡᠷ ᠵᠠᠳᠠᠭᠠᠢ ᠶ᠋ᠢᠨ ᠤᠰᠤ ᠪᠠᠢᠩᠭᠤᠨ
ᠰᠢᠪᠠᠷ ᠲᠠᠢ ᠴᠤ᠌ ᠪᠠᠢᠯᠭᠦᠢ ᠳᠡ
ᠭᠠᠯ ᠵᠠᠯᠠᠭᠤ ᠨᠠᠰᠤ ᠪᠠᠢᠩᠭᠤᠨ
ᠭᠠᠩᠭᠠᠩ ᠲᠠᠢ ᠴᠤ᠌ ᠪᠠᠢᠯᠭᠦᠢ ᠳᠡ
ᠬᠤᠨᠳᠠᠭ᠎ᠠ ᠬᠤᠨᠳᠠᠭ᠎ᠠ ᠪᠠᠷ ᠤᠤᠭᠤᠵᠠᠭᠠᠶ᠎ᠠ ᠳ᠋ᠣᠣ
ᠬᠣᠭᠣᠯᠠᠢ ᠨᠡᠢᠯᠡᠭᠦᠯᠦᠭᠡᠳ ᠨᠠᠢᠷᠯᠠᠵᠠᠭᠠᠶᠠ
ᠵᠦᠩᠰᠡ ᠵᠦᠩᠰᠡ ᠪᠡᠷ ᠤᠤᠭᠤᠵᠠᠭᠠᠶ᠎ᠠ
ᠵᠤᠤᠵᠠᠢ ᠬᠣᠯᠪᠣᠭᠠᠳ ᠮᠣᠷᠳᠠᠵᠠᠭᠠᠶ᠎ᠠ ᠳ᠋ᠣᠣ
