ᠮᠣᠩᠭᠣᠯ ᠤ᠋ᠨ ᠦᠨᠦᠷ ᠲᠡᠢ ᠰᠠᠯᠬᠢ-ᠰ ∙ ᠵᠢᠪᠬᠤᠯᠠᠩMongolyn ünertei salkhi-S.JavkhlanМонголын үнэртэй салхи-С.Жавхлан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤ᠋ᠨ ᠦᠨᠦᠷ ᠲᠡᠢ ᠰᠠᠯᠬᠢ-ᠰ ∙ ᠵᠢᠪᠬᠤᠯᠠᠩMongolyn ünertei salkhi-S.JavkhlanМонголын үнэртэй салхи-С.Жавхлан

ᠮᠣᠩᠭᠣᠯ ᠤ᠋ᠨ ᠦᠨᠦᠷ ᠲᠡᠢ ᠰᠠᠯᠬᠢ-ᠰ ∙ ᠵᠢᠪᠬᠤᠯᠠᠩMongolyn ünertei salkhi-S.JavkhlanМонголын үнэртэй салхи-С.Жавхлан

ᠠᠩᠭᠢᠯᠠᠯ:ᠳᠠᠭᠤᠤ ᠬᠥᠭᠵᠢᠮ
2024-09-06

589

ᠮᠣᠩᠭᠣᠯ ᠤ᠋ᠨ ᠦᠨᠦᠷ ᠲᠡᠢ ᠰᠠᠯᠬᠢ


   ᠦᠭᠡ᠄ ᠭᠦᠷᠦᠪᠠᠽᠠᠷ 
   ᠠᠶ᠎ᠠ᠄ ᠲ᠂ ᠰᠠᠷᠡᠠᠣᠳᠤ 
   ᠳᠠᠭᠤᠴᠢᠨ᠄ ᠰ᠂ ᠵᠢᠪᠬᠤᠯᠠᠩ 

ᠣᠮᠣᠭ ᠴᠡᠩᠬᠡᠷ ᠡᠭᠡᠰᠢᠭᠯᠡᠩ ᠠᠮᠤᠷ ᠠᠮᠤᠭᠤᠯᠠᠩ ᠳᠠᠭᠤᠨ 
ᠣᠳᠣᠨ ᠳ᠋ᠤ᠌ ᠦᠦᠷᠰᠡᠬᠦ ᠬᠦᠯᠦᠭ ᠠᠢᠯ ᠤ᠋ᠨ ᠪᠠᠷ᠎ᠠ 
ᠰᠠᠶᠢᠬᠠᠨ ᠲᠡᠩᠴᠡᠭᠰᠡᠨ ᠤᠨᠠᠭ᠎ᠠ ᠮᠣᠩᠭᠣᠯ ᠢ᠋ᠶ᠋ᠠᠨ ᠡᠷᠢᠨ ᠢᠨᠴᠠᠭᠠᠬᠤ ᠳ᠋ᠤ᠌ 
ᠢᠵᠢᠢ ᠭᠡᠭᠦᠨ ᠦ᠌ ᠡᠷᠭᠢᠴᠡᠬᠡᠨ ᠳ᠋ᠦ᠍ ᠨᠢ ᠰᠡᠳᠬᠢᠯ ᠮᠢᠨᠢ ᠰᠡᠮᠡᠷᠡᠯ᠎ᠡ 
   ᠦᠨᠡᠨᠴᠢ ᠠᠨᠢᠷᠬᠠᠨ ᠴᠢᠮᠡᠭᠡ ᠨᠢ ᠳᠣᠮᠣᠭ ᠰᠢᠪᠡᠨᠡᠭᠰᠡᠨ 
   ᠣᠢᠮᠠᠯ ᠴᠡᠩᠬᠡᠷ ᠰᠠᠯᠬᠢ ᠮᠢᠨᠢ ᠮᠣᠩᠭᠣᠯ ᠤ᠋ᠨ ᠦᠨᠦᠷ ᠲᠡᠢ 
   ᠠᠳᠬᠤᠭᠠᠳ ᠬᠠᠳᠠᠭᠠᠯᠠᠵᠤ ᠪᠣᠯᠳᠠᠭ ᠦᠭᠡᠢ 
   ᠨᠤᠲᠤᠭ ᠤ᠋ᠨ ᠴᠡᠩᠬᠡᠷ ᠰᠠᠯᠬᠢ ᠮᠢᠨᠢ ᠮᠢᠨᠦ ᠠᠮᠢᠰᠬᠤᠯ ᠠ᠋
   ᠨᠠᠰᠤ ᠨᠠᠰᠤᠨ ᠤ᠋ ᠰᠣᠨᠣᠷ ᠲᠤ᠌ ᠤᠬᠠᠭᠠᠨ ᠤᠴᠢᠷᠯᠠᠭᠰᠠᠨ
   ᠨᠠᠮᠤᠷ ᠤ᠋ᠨ ᠬᠥᠬᠡ ᠰᠠᠯᠬᠢ ᠮᠢᠨᠢ ᠠᠪᠤ ᠶ᠋ᠢᠨ ᠦᠨᠦᠷ ᠲᠡᠢ
   ᠬᠤᠢᠯᠠᠭᠠᠳ ᠪᠦᠰᠡᠯᠡᠵᠦ ᠪᠣᠯᠳᠠᠭ ᠦᠭᠡᠢ 
   ᠨᠤᠲᠤᠭ ᠤ᠋ᠨ ᠴᠡᠩᠬᠡᠷ ᠰᠠᠯᠬᠢ ᠮᠢᠨᠢ
   ᠮᠢᠨᠦ ᠠᠮᠢᠰᠬᠤᠯ ᠠ᠋ ᠮᠢᠨᠦ ᠠᠮᠢ ᠠ᠋
ᠰᠢᠭᠤᠷᠬᠤ ᠨᠢ ᠬᠦᠷᠲᠡᠯ᠎ᠡ ᠰᠣᠨᠣᠰᠬᠤᠯᠠᠩ ᠡᠨᠡᠷᠢ ᠨᠡᠷᠢᠬᠦᠢ ᠶ᠋ᠢᠨ ᠳᠠᠭᠤᠨ
ᠰᠢᠪᠠᠭᠤᠳ ᠪᠤᠴᠠᠬᠤ ᠴᠢᠮᠡᠭᠡ᠂ ᠨᠠᠮᠤᠷ ᠤ᠋ᠨ ᠨᠠᠭᠤᠷ ᠠ᠋
ᠡᠷᠭᠢᠵᠦ ᠰᠢᠪᠡᠨᠡᠭᠰᠡᠨ ᠭᠣᠷᠣᠬ᠎ᠠ᠂ ᠨᠠᠮ᠎ᠠ ᠶ᠋ᠢ ᠣᠷᠬᠢᠵᠤ ᠬᠣᠯᠠᠳᠠᠬᠤ ᠳ᠋ᠤ᠌
ᠳᠠᠭᠠᠭᠠᠳ ᠭᠦᠶᠦᠮᠡᠷ ᠤᠷᠤᠰᠬᠠᠯ ᠨᠢ ᠰᠠᠨᠠᠭᠠᠨ ᠳ᠋ᠤ᠌ ᠮᠢᠨᠢ ᠬᠣᠴᠣᠷᠤᠨ᠎ᠠ
    ᠳᠠᠬᠢᠯᠲᠠ
ᠡᠩᠭᠡᠷ ᠳᠤᠯᠠᠭᠠᠨ ᠡᠪᠦᠷ ᠳᠤ ᠪᠠᠨ ᠨᠠᠮ᠎ᠠ ᠶ᠋ᠢ ᠠᠷᠭᠠᠳᠠᠭᠰᠠᠨ
ᠡᠬᠡᠰᠢᠭ ᠴᠢᠮᠡᠭᠡᠨ ᠰᠠᠯᠬᠢ ᠮᠢᠨᠢ ᠡᠵᠢ ᠶ᠋ᠢᠨ ᠦᠨᠦᠷ ᠲᠡᠢ
ᠡᠪᠦᠷᠯᠡᠭᠡᠳ ᠪᠤᠴᠠᠵᠤ ᠪᠣᠯᠳᠠᠭ ᠦᠭᠡᠢ
ᠨᠤᠲᠤᠭ ᠤ᠋ᠨ ᠪᠤᠭᠤᠷᠤᠯ ᠰᠠᠯᠬᠢ ᠮᠢᠨᠢ
ᠮᠢᠨᠦ ᠮᠣᠩᠭᠣᠯ ᠠ᠋᠂ ᠮᠢᠨᠦ ᠠᠮᠢ ᠠ᠋᠃
ᠭᠡᠷ ᠲᠣᠭᠣᠷᠢᠨ ᠠᠨᠢᠷᠯᠠᠬᠤ ᠪᠣᠷᠣ ᠲᠠᠯ᠎ᠠ ᠶ᠋ᠢᠨ ᠰᠡᠪᠰᠢᠶ᠎ᠡ
ᠭᠡᠭᠡ ᠦᠨᠦᠰᠬᠦ ᠥᠷᠯᠥᠭᠡ ᠮᠢᠨᠦ ᠬᠠᠪᠤᠷᠵᠢᠶ᠎ᠠ
ᠰᠡᠷᠪᠡᠭᠡ ᠴᠠᠢᠷᠠᠭᠰᠠᠨ ᠤᠯᠠᠷᠢᠯ ᠨᠠᠰᠤᠨ ᠤ᠋ ᠰᠠᠨᠠᠭᠠᠨ ᠳ᠋ᠤ᠌ ᠰᠡᠩᠭᠢᠨᠡᠬᠦ ᠳ᠋ᠦ᠍
ᠰᠡᠳᠬᠢᠯ ᠴᠠᠳᠬᠠᠬᠤ ᠰᠠᠯᠬᠢᠨ ᠳ᠋ᠤ᠌ ᠪᠠᠨ ᠨᠤᠲᠤᠭ ᠢ᠋ᠶ᠋ᠠᠷ ᠢ᠋ᠶ᠋ᠠᠨ ᠠᠮᠢᠰᠬᠤᠯᠯᠠᠨ᠎ᠠ
    ᠳᠠᠬᠢᠯᠲᠠ

ᠨᠠᠰᠤ ᠨᠠᠰᠤᠨ ᠤ᠋ ᠬᠠᠴᠠᠷ ᠲᠤ᠌ ᠨᠠᠮ᠎ᠠ ᠶ᠋ᠢ ᠦᠨᠦᠰᠦᠭᠰᠡᠨ
ᠨᠤᠲᠤᠭ ᠤ᠋ᠨ ᠡᠷᠢᠶᠡᠨ ᠰᠠᠯᠬᠢ ᠮᠢᠨᠢ ᠮᠢᠨᠦ ᠦᠨᠦᠷ ᠲᠡᠢ
ᠦᠷ᠎ᠡ ᠪᠡᠨ ᠦᠯᠡᠳᠡᠭᠡᠵᠦ ᠦᠨᠦᠰᠦᠭᠦᠯᠬᠦ
ᠨᠤᠲᠤᠭ ᠤ᠋ᠨ ᠡᠷᠳᠡᠨᠢ ᠰᠠᠯᠬᠢ ᠮᠢᠨᠢ
ᠮᠢᠨᠦ ᠮᠣᠩᠭᠣᠯ ᠠ᠋᠂ ᠮᠢᠨᠦ ᠠᠮᠢ ᠠ᠋

   ᠦᠰᠦᠭ ᠠᠮᠢᠯᠠᠭᠤᠯᠤᠭᠴᠢ ᠬᠠᠲᠠᠭᠴᠢ᠄ ᠬᠠᠨ ᠱᠢ ᠵᠢᠶᠦ᠋ᠨ
   ᠬᠢᠨᠠᠭᠴᠢ᠄ ᠢᠷᠡᠭᠡᠳᠦᠢ᠂ ᠰᠣᠶᠣᠯ