ᠠᠯᠲᠠᠢ ᠶ᠋ᠢᠨ ᠰᠠᠷᠠᠭᠤᠯ ᠬᠥᠬᠡ ᠲᠩᠷᠢ ᠶ᠋ᠢᠨ ᠳᠣᠣᠷ᠎ᠠ Алтайн саруул хөх тэнгрийн доор
ᠠᠯᠲᠠᠢ ᠶ᠋ᠢᠨ ᠰᠠᠷᠠᠭᠤᠯ ᠬᠥᠬᠡ ᠲᠩᠷᠢ ᠶ᠋ᠢᠨ ᠳᠣᠣᠷ᠎ᠠ
ᠦᠭᠡ᠄ ᠯ• ᠲᠦᠳᠦᠪ
ᠠᠶ᠎ᠠ᠄ ᠠ᠊• ᠪᠠᠶᠠᠷ
ᠳᠠᠭᠤᠴᠢᠨ᠄ ᠡᠷᠳᠡᠨᠢᠪᠢᠯᠢᠭ᠂ ᠰᠣᠳᠤᠰᠡᠴᠡᠨ
ᠴᠠᠰᠤᠲᠤ ᠠᠭᠤᠯᠠ ᠶ᠋ᠢᠨ ᠨᠣᠶᠠᠨ ᠣᠷᠭᠢᠯ ᠲᠠᠢ
ᠴᠠᠭᠠᠨ ᠮᠠᠨᠠᠨ ᠲᠡᠪᠡᠷᠢᠯᠳᠦᠨ ᠨᠡᠭᠦᠬᠦ ᠲᠡᠷᠲᠡᠭᠡ
ᠴᠡᠯ ᠪᠤᠭᠤᠷᠤᠯ ᠡᠪᠦᠭᠡᠨ ᠭᠠᠨᠵᠢᠷ᠎ᠠ ᠲᠠᠢ
ᠴᠠᠢᠯᠭᠠᠨ ᠰᠠᠯᠬᠢᠨ ᠰᠢᠪᠡᠨᠡᠯᠳᠦᠨ ᠨᠠᠭᠠᠳᠬᠤ ᠲᠡᠷᠲᠡᠭᠡ᠃
ᠠᠯᠲᠠᠢ ᠶ᠋ᠢᠨ ᠰᠠᠷᠠᠭᠤᠯ ᠬᠥᠬᠡ ᠲᠡᠭᠷᠢ ᠶ᠋ᠢᠨ ᠳᠣᠣᠷ᠎ᠠ
ᠠᠪᠤ ᠶ᠋ᠢ ᠪᠡᠨ ᠪᠠᠶᠠᠷᠯᠠᠭᠤᠯᠵᠤ ᠡᠵᠢ ᠡᠴᠡ ᠪᠡᠨ ᠪᠢ ᠲᠥᠷᠥᠯ᠎ᠡ
ᠠᠯᠠᠭ ᠴᠡᠴᠡᠭᠡᠰ ᠨᠠᠢᠭᠤᠬᠤ ᠲᠠᠪᠰᠠᠩ ᠳ᠋ᠤ᠌
ᠠᠢᠯ ᠤ᠋ᠨ ᠬᠢᠨ ᠢ᠋ᠶ᠋ᠡᠨ ᠪᠠᠶᠠᠷᠯᠠᠭᠤᠯᠵᠤ ᠡᠵᠢ ᠡᠴᠡ ᠪᠡᠨ ᠪᠢ ᠲᠥᠷᠥᠯ᠎ᠡ᠃
ᠴᠠᠢᠯᠭᠠᠨ ᠡᠬᠡ ᠶ᠋ᠢᠨ ᠤᠶᠠᠬᠠᠨ ᠪᠦᠪᠡᠢ ᠲᠡᠢ
ᠴᠠᠯᠭᠢᠶᠠᠨᠲᠤ ᠭᠣᠷᠣᠬ᠎ᠠ ᠤᠶᠠᠩᠭᠠᠯᠠᠨ ᠨᠡᠢᠯᠡᠬᠦ ᠲᠡᠷᠲᠡᠭᠡ
ᠰᠠᠢᠬᠠᠨ ᠦᠭᠡ ᠶ᠋ᠢᠨ ᠮᠡᠷᠭᠡᠨ ᠰᠤᠷᠭᠠᠯ ᠲᠠᠢ
ᠰᠠᠯᠬᠢᠨ ᠰᠢᠪᠡᠨᠡᠭᠡ ᠨᠢ ᠠᠶᠠᠯᠭᠤ ᠨᠡᠢᠯᠡᠬᠦ ᠲᠡᠷᠲᠡᠭᠡ᠃
ᠠᠯᠲᠠᠢ ᠶ᠋ᠢᠨ ᠰᠠᠷᠠᠭᠤᠯ ᠬᠥᠬᠡ ᠲᠡᠭᠷᠢ ᠶ᠋ᠢᠨ ᠳᠣᠣᠷ᠎ᠠ
ᠠᠪᠤ ᠶ᠋ᠢ ᠪᠡᠨ ᠪᠠᠶᠠᠷᠯᠠᠭᠤᠯᠵᠤ ᠡᠵᠢ ᠡᠴᠡ ᠪᠡᠨ ᠪᠢ ᠲᠥᠷᠥᠯ᠎ᠡ
ᠠᠯᠠᠭ ᠴᠡᠴᠡᠭᠡᠰ ᠨᠠᠢᠭᠤᠬᠤ ᠲᠠᠪᠰᠠᠩ ᠳ᠋ᠤ᠌
ᠠᠢᠯ ᠤ᠋ᠨ ᠬᠢᠨ ᠢ᠋ᠶ᠋ᠡᠨ ᠪᠠᠶᠠᠷᠯᠠᠭᠤᠯᠵᠤ ᠡᠵᠢ ᠡᠴᠡ ᠪᠡᠨ ᠪᠢ ᠲᠥᠷᠥᠯ᠎ᠡ᠃
ᠠᠯᠠᠭ ᠴᠡᠴᠡᠭᠡᠰ ᠨᠠᠢᠭᠤᠬᠤ ᠲᠠᠪᠰᠠᠩ ᠳ᠋ᠤ᠌
ᠠᠢᠯ ᠤ᠋ᠨ ᠬᠢᠨ ᠢ᠋ᠶ᠋ᠡᠨ ᠪᠠᠶᠠᠷᠯᠠᠭᠤᠯᠵᠤ ᠡᠵᠢ ᠡᠴᠡ ᠪᠡᠨ ᠪᠢ ᠲᠥᠷᠥᠯ᠎ᠡ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
