ᠲᠤᠨᠤᠮᠠᠯ ᠥᠩᠭᠡᠲᠦТунамал өнгөт-ᠣᠷᠳᠣᠰ ᠠᠷᠠᠳ ᠤᠨ ᠳᠠᠭᠤᠤ42 ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠨᠤᠮᠠᠯ ᠥᠩᠭᠡᠲᠦТунамал өнгөт-ᠣᠷᠳᠣᠰ ᠠᠷᠠᠳ ᠤᠨ ᠳᠠᠭᠤᠤ42

ᠲᠤᠨᠤᠮᠠᠯ ᠥᠩᠭᠡᠲᠦТунамал өнгөт-ᠣᠷᠳᠣᠰ ᠠᠷᠠᠳ ᠤᠨ ᠳᠠᠭᠤᠤ42

2023-09-05

315

ᠲᠤᠨᠤᠮᠠᠯ ᠥᠩᠭᠡᠲᠦ

ᠲᠤᠨᠤᠮᠠᠯ ᠥᠩᠭᠡᠲᠦ ᠤᠯᠠᠭᠠᠨ ᠨᠢ 
ᠬᠦᠯᠦᠭ ᠦ᠋ᠨ ᠰᠢᠨᠵᠢᠲᠡᠢ 
ᠲᠤᠨᠤᠮᠠᠯ ᠮᠡᠯᠮᠡᠭᠡᠷ ᠠᠬ᠎ᠠ ᠨᠠᠷ ᠮᠢᠨᠢ 
ᠠᠬᠠᠳ ᠤ᠋ᠨ ᠰᠢᠨᠵᠢᠲᠡᠢ 

ᠴᠢᠩ ᠰᠢᠪᠠᠭᠤ 
ᠴᠢᠷᠮᠠᠵᠤ ᠨᠢᠰᠦᠨ᠎ᠡ 
ᠴᠡᠷᠢᠭ ᠦ᠋ᠨ ᠠᠬ᠎ᠠ ᠨᠠᠷ 
ᠰᠤᠨᠵᠤ ᠪᠠᠭᠤᠨ᠎ᠠ 

ᠬᠤᠨ ᠰᠢᠪᠠᠭᠤ 
ᠬᠤᠷᠠᠵᠤ ᠪᠠᠭᠤᠨ᠎ᠠ 
ᠬᠤᠷᠢᠮ ᠤ᠋ᠨ ᠠᠬ᠎ᠠ ᠨᠠᠷ 
ᠴᠤᠭᠯᠠᠷᠠᠵᠤ ᠰᠠᠭᠤᠨ᠎ᠠ 

ᠨᠠᠷᠠᠨ ᠠ᠋ᠴᠠ ᠨᠠᠭᠠᠭᠤᠷ ᠲᠠᠲᠠᠭᠴᠢ 
ᠡᠭᠦᠯᠡ ᠮᠠᠨᠠᠨ ᠬᠣᠶᠠᠷ 
ᠨᠠᠰᠤᠨ ᠤ᠋ ᠪᠠᠨ ᠵᠠᠯᠠᠭᠤ ᠳ᠋ᠤ᠌ ᠪᠠᠨ
ᠮᠡᠯᠮᠡᠭᠡᠷ ᠲᠠᠨ ᠢ᠋ ᠪᠡᠨ ᠶᠠᠭᠠᠬᠢᠬᠤ ᠪᠣᠢ

ᠯᠣᠨᠳᠣᠨ ᠬᠠᠷ᠎ᠠ ᠨᠢᠳᠦ ᠨᠢ
ᠮᠣᠷᠳᠠᠬᠤ ᠠ᠋ᠴᠠ ᠡᠮᠦᠨ᠎ᠡ ᠮᠡᠯᠡᠮᠡᠷᠡᠨ᠎ᠡ
ᠮᠠᠷᠢᠰ ᠴᠠᠭᠠᠨ ᠰᠢᠲᠦ ᠨᠢ
ᠰᠠᠭᠤᠬᠤ ᠠ᠋ᠴᠠ ᠡᠮᠦᠨ᠎ᠡ ᠢᠷᠡᠰᠬᠢᠨ᠎ᠡ