ᠠᠮᠪᠠᠨ ᠢᠶᠠᠨ ᠡᠭᠦᠷᠦᠭᠡᠳ ᠲᠦᠷᠦᠴᠢᠬᠡᠪᠡ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ02 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠪᠠᠨ ᠢᠶᠠᠨ ᠡᠭᠦᠷᠦᠭᠡᠳ ᠲᠦᠷᠦᠴᠢᠬᠡᠪᠡ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ02

ᠠᠮᠪᠠᠨ ᠢᠶᠠᠨ ᠡᠭᠦᠷᠦᠭᠡᠳ ᠲᠦᠷᠦᠴᠢᠬᠡᠪᠡ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ02

ᠠᠩᠭᠢᠯᠠᠯ:ᠳᠣᠮᠣᠭ ᠦᠯᠢᠭᠡᠷ
2023-09-05

275

ᠠᠮᠪᠠᠨ ᠢᠶᠠᠨ ᠡᠭᠦᠷᠦᠭᠡᠳ ᠲᠦᠷᠦᠴᠢᠬᠡᠪᠡ

ᠮᠣᠩᠭᠣᠯ ᠬᠡᠪᠰᠢᠭᠰᠡᠨ ᠦᠭᠡ ᠶᠢᠨ ᠦᠯᠢᠭᠡᠷ (2)
            ᠨᠠᠮᠵᠢᠯ
      ᠠᠮᠪᠠᠨ ᠢᠶᠠᠨ ᠡᠭᠦᠷᠦᠭᠡᠳ ᠲᠦᠷᠦᠴᠢᠬᠡᠪᠡ
    ᠡᠷᠲᠡ ᠤᠷᠢᠳᠤ ᠴᠠᠭ ᠲᠤ ᠰᠢᠭᠢᠷ᠎ᠡ ᠶᠢᠨ ᠮᠢᠬ᠎ᠠ ᠪᠠᠨ ᠰᠢᠷᠠᠵᠤ ᠢᠳᠡᠮᠡᠷ ᠠᠯᠵᠠᠭᠤ ᠬᠥᠮᠦᠨ ᠪᠠᠢᠵᠠᠢ ᠭᠡᠨ᠎ᠡ᠃ ᠲᠡᠷᠡ ᠬᠥᠮᠦᠨ ᠡᠳᠦᠷ ᠲᠤᠵᠢ ᠬᠥᠯ ᠭᠠᠷ ᠬᠥᠳᠡᠯᠬᠦ ᠦᠭᠡᠢ ᠪᠡᠷ ᠬᠠᠮᠤᠭ ᠤᠨ ᠠᠷᠪᠢᠨ ᠠᠵᠢᠯ ᠢ ᠬᠢᠵᠦ᠂ ᠪᠡᠶ᠎ᠡ ᠠᠮᠤᠷ ᠰᠡᠳᠬᠢᠯ  ᠲᠠᠢᠪᠤᠩ ᠮᠥᠷᠲᠡᠭᠡᠨ ᠠᠰᠢᠭ ᠵᠣᠭᠣᠰ ᠡᠯᠪᠡᠭ ᠳᠡᠯᠪᠡᠭ ᠣᠯᠵᠤ ᠠᠮᠢᠳᠤᠷᠠᠬᠤ ᠠᠷᠭ᠎ᠠ ᠶᠢ ᠪᠣᠳᠣᠯᠬᠢᠯᠠᠨ ᠰᠠᠭᠤᠳᠠᠭ ᠭᠡᠨ᠎ᠡ᠃ ᠭᠡᠪᠡᠴᠦ ᠲᠡᠷᠡ ᠶᠡᠷᠦ  ᠨᠢ ᠡᠢᠮᠦᠷᠬᠦ ᠰᠠᠢᠨ ᠠᠷᠭ᠎ᠠ ᠣᠯᠤᠭᠰᠠᠨ ᠦᠭᠡᠢ᠃
    ᠲᠡᠭᠡᠭᠡᠳ ᠲᠡᠷᠡ ᠭᠠᠵᠠᠷ ᠪᠣᠯᠭᠠᠨ ᠠᠴᠠ ᠠᠯᠵᠠᠭᠤ ᠡᠷᠳᠡᠮ ᠵᠢᠭᠠᠳᠠᠭ ᠪᠠᠭᠰᠢ ᠡᠷᠢᠵᠦ ᠰᠤᠷᠠᠭᠯᠠᠵᠤ ᠪᠠᠢᠭᠠᠳ ᠨᠢᠭᠡ ᠶᠢ ᠣᠯᠵᠤ ᠱᠠᠪᠢ ᠨᠢ ᠪᠣᠯᠪᠠ᠃
    ᠨᠢᠭᠡᠨ ᠡᠳᠦᠷ ᠪᠠᠭᠰᠢ ᠶᠢᠨ ᠬᠢᠨᠢ ᠭᠡᠷ ᠲᠦ ᠵᠣᠴᠢᠨ ᠢᠷᠡᠭᠰᠡᠨ ᠭᠡᠨ᠎ᠡ᠃ ᠪᠠᠭᠰᠢ ᠨᠢ ᠵᠣᠴᠢᠨ ᠳᠠᠭᠠᠨ ᠪᠤᠳᠠᠭ᠎ᠠ ᠪᠡᠯᠡᠳᠬᠡᠵᠦ ᠥᠭᠬᠦ ᠭᠡᠳ ᠰᠠᠪᠠ ᠬᠡᠷᠡᠭᠰᠡᠯ ᠴᠤᠭᠯᠠᠭᠤᠯᠵᠤ᠄
   — ᠮᠢᠨᠦ ᠱᠠᠪᠢ ᠪᠠᠷᠠᠭᠤᠨ ᠭᠡᠷ ᠡᠴᠡ ᠭᠠᠯ ᠲᠣᠭᠣᠭᠠᠨ ᠤ ᠬᠢᠲᠤᠭ᠎ᠠ ᠵᠢᠭᠡᠯᠡᠭᠡᠳ᠂ ᠵᠡᠭᠦᠨ ᠭᠡᠷ ᠡᠴᠡ ᠠᠮᠪᠠᠨ ᠢ ᠨᠢ ᠵᠢᠭᠡᠯᠡᠭᠡᠳ ᠢᠷ᠎ᠡ᠂ ᠵᠣᠴᠢᠨ ᠳᠤ ᠪᠤᠳᠠᠭ᠎ᠠ ᠬᠢᠵᠦ ᠥᠭᠭᠦᠶ᠎ᠡ ᠭᠡᠰᠡᠨ ᠳᠦ᠄
   — ᠪᠠᠭᠰᠢ ᠡ᠂ ᠴᠢᠨᠦ ᠭᠠᠷ ᠴᠢᠨᠢ ᠭᠠᠯ ᠲᠣᠭᠣᠭᠠᠨ ᠤ ᠬᠢᠲᠤᠭ᠎ᠠ ᠶᠢᠨ ᠣᠷᠣᠨ ᠳᠤ ᠬᠡᠷᠡᠭᠯᠡᠵᠦ ᠪᠣᠯᠤᠨ᠎ᠠ᠂ ᠮᠢᠨᠦ ᠡᠨᠡ ᠨᠢᠷᠤᠭᠤ ᠶᠢ ᠠᠮᠪᠠᠨ ᠤ ᠣᠷᠣᠨ ᠳᠤ ᠬᠡᠷᠡᠭᠯᠡᠵᠦ᠂ ᠳᠡᠭᠡᠷ᠎ᠡ ᠨᠢ ᠭᠤᠯᠢᠷ ᠨᠤᠬᠤᠪᠠᠯ ᠪᠣᠯᠴᠢᠬᠠᠨ᠎ᠠ ᠰᠢᠳᠡ ᠭᠡᠵᠦ ᠬᠡᠯᠡᠭᠡᠳ ᠣᠷᠣᠨ ᠳᠠᠭᠠᠨ ᠰᠠᠭᠤᠭᠠᠳ ᠬᠥᠳᠡᠯᠬᠦ ᠦᠭᠡᠢ ᠳᠦ ᠪᠠᠭᠰᠢ ᠨᠢ᠄
   — ᠵᠠ᠂ ᠱᠠᠪᠢ ᠮᠢᠨᠢ! ᠴᠢᠨᠦ ᠠᠯᠵᠠᠭᠤ ᠤᠬᠠᠭᠠᠨ ᠨᠢᠭᠡᠨᠲᠡ ᠨᠠᠳᠠ ᠠᠴᠠ ᠳᠠᠪᠠᠵᠠᠢ᠃ ᠪᠢ ᠴᠢᠮ᠎ᠠ ᠳᠤ ᠵᠢᠭᠠᠮᠠᠷ ᠶᠠᠭᠤᠮ᠎ᠠ ᠪᠠᠢᠬᠤ ᠦᠭᠡᠢ ᠭᠡᠵᠦ ᠬᠡᠯᠡᠭᠡᠳ ᠭᠡᠷ ᠲᠤᠨᠢ ᠶᠠᠪᠤᠭᠤᠯᠤᠭᠰᠠᠨ ᠭᠡᠨ᠎ᠡ᠃
    ᠬᠣᠵᠢᠮ ᠤᠨ ᠬᠥᠮᠦᠰ ᠡᠨᠡᠬᠦ ᠦᠯᠢᠭᠡᠷ ᠡᠴᠡ ᠰᠡᠳᠦᠪᠯᠡᠵᠦ ᠠᠯᠵᠠᠭᠤ ᠵᠠᠯᠬᠠᠭᠤ ᠬᠥᠮᠦᠨ ᠢ《ᠠᠮᠪᠠᠨ ᠢᠶᠠᠨ ᠡᠭᠦᠷᠦᠭᠡᠳ ᠲᠦᠷᠦᠴᠢᠬᠡᠪᠡ》 ᠭᠡᠵᠦ ᠬᠣᠱᠣᠩᠨᠠᠳᠠᠭ ᠪᠣᠯᠵᠠᠢ᠃

    ᠦᠰᠦᠭ ᠠᠮᠢᠯᠠᠭᠤᠯᠤᠭᠴᠢ᠄ ᠰᠢᠷᠠᠨᠤᠳ ᠨᠠᠷᠠᠰᠤ
    ᠦᠰᠦᠭ ᠬᠢᠨᠠᠭᠴᠢ᠄ ᠮᠣᠩᠭᠤᠯᠬᠦᠦ