ᠠᠭᠤᠯᠠᠨ ᠳᠤ ᠶᠠᠪᠤᠭᠠᠳ ᠠᠷᠭᠠᠯ ᠴᠤ ᠦᠭᠡᠢ ᠤᠷᠪᠠᠵᠤ ᠢᠷᠡᠭᠡᠳ ᠠᠷᠤᠭ ᠴᠤ ᠦᠭᠡᠢ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ01 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠭᠤᠯᠠᠨ ᠳᠤ ᠶᠠᠪᠤᠭᠠᠳ ᠠᠷᠭᠠᠯ ᠴᠤ ᠦᠭᠡᠢ ᠤᠷᠪᠠᠵᠤ ᠢᠷᠡᠭᠡᠳ ᠠᠷᠤᠭ ᠴᠤ ᠦᠭᠡᠢ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ01

ᠠᠭᠤᠯᠠᠨ ᠳᠤ ᠶᠠᠪᠤᠭᠠᠳ ᠠᠷᠭᠠᠯ ᠴᠤ ᠦᠭᠡᠢ ᠤᠷᠪᠠᠵᠤ ᠢᠷᠡᠭᠡᠳ ᠠᠷᠤᠭ ᠴᠤ ᠦᠭᠡᠢ-ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ01

ᠠᠩᠭᠢᠯᠠᠯ:ᠳᠣᠮᠣᠭ ᠦᠯᠢᠭᠡᠷ
2023-09-04

509

ᠠᠭᠤᠯᠠᠨ ᠳᠤ ᠶᠠᠪᠤᠭᠠᠳ ᠠᠷᠭᠠᠯ ᠴᠤ ᠦᠭᠡᠢ ᠤᠷᠪᠠᠵᠤ ᠢᠷᠡᠭᠡᠳ ᠠᠷᠤᠭ ᠴᠤ ᠦᠭᠡᠢ

ᠮᠣᠩᠭᠣᠯ ᠬᠡᠪᠰᠢᠭᠰᠡᠨ ᠦᠭᠡ ᠶ᠋ᠢᠨ ᠦᠯᠢᠭᠡᠷ (1)
          ᠨᠠᠮᠵᠢᠯ
      ᠠᠭᠤᠯᠠᠨ ᠳᠤ ᠶᠠᠪᠤᠭᠠᠳ ᠠᠷᠭᠠᠯ ᠴᠤ ᠦᠭᠡᠢ
      ᠤᠷᠪᠠᠵᠤ ᠢᠷᠡᠭᠡᠳ ᠠᠷᠤᠭ ᠴᠤ ᠦᠭᠡᠢ
    ᠡᠷᠲᠡ ᠤᠷᠢᠳᠤ ᠴᠠᠭ ᠲᠤ᠂ ᠨᠢᠭᠡ ᠠᠯᠵᠠᠭᠤ ᠡᠷ᠎ᠡ ᠪᠠᠢᠭᠰᠠᠨ ᠭᠡᠨ᠎ᠡ᠃ ᠠᠷᠭᠠᠯ ᠲᠦᠯᠡᠰᠢ ᠠᠳᠬᠤ ᠶᠢᠨ ᠴᠢᠨᠡᠭᠡ ᠴᠦ᠍ ᠦᠭᠡᠢ ᠪᠣᠯᠴᠢᠬᠠᠭᠠᠳ ᠣᠷᠣᠢ ᠶᠢᠨ ᠬᠣᠭᠣᠯᠠ ᠪᠠᠨ ᠴᠤ ᠪᠣᠯᠭᠣᠬᠤ ᠠᠷᠭ᠎ᠠ ᠦᠭᠡᠢ ᠪᠠᠢᠬᠤ ᠳᠤ ᠡᠨᠡ ᠡᠷ᠎ᠡ ᠲᠠᠩᠭᠠᠢᠵᠤ ᠬᠡᠪᠲᠡᠭᠡᠳ ᠯᠡ ᠪᠠᠢᠯ᠎ᠠ ᠭᠡᠨ᠎ᠡ᠃ ᠡᠭᠦᠨ ᠳᠦ ᠡᠬᠡᠨᠡᠷ ᠨᠢ ᠰᠠᠨᠳᠤᠷᠴᠤ᠄
   — ᠠᠷᠭᠠᠯ ᠲᠦᠯᠡᠰᠢ ᠵᠢᠭᠠᠬᠠᠨ ᠲᠡᠭᠦᠭᠡᠳ ᠢᠷ᠎ᠡ᠂ ᠢᠩᠭᠢᠵᠦ ᠲᠠᠩᠭᠠᠢᠵᠤ ᠬᠡᠪᠲᠡᠵᠦ᠂ ᠠᠩᠭᠠᠢᠵᠤ ᠢᠳᠡᠭᠡᠳ ᠬᠡᠨ ᠪᠢᠳᠡᠨ ᠳᠦ ᠬᠣᠭᠣᠯᠠ ᠠᠪᠴᠢᠷᠠᠵᠤ ᠥᠭᠬᠦ ᠪᠣᠢ? ᠭᠡᠵᠦ ᠬᠡᠯᠡ ᠠᠮᠠ ᠲᠠᠲᠠᠭᠠᠳ ᠠᠮᠤᠷ ᠪᠠᠢᠯᠭᠠᠬᠤ ᠦᠭᠡᠢ ᠪᠣᠯᠬᠤ ᠳᠤ ᠠᠯᠵᠠᠭᠤ ᠡᠷ᠎ᠡ ᠰᠠᠶᠢ ᠡᠪᠰᠢᠶᠡᠵᠦ ᠰᠤᠨᠢᠶᠠᠭᠰᠠᠭᠠᠷ ᠪᠣᠰᠤᠭᠠᠳ ᠠᠷᠤᠭ ᠢᠶᠠᠨ ᠠᠪᠴᠤ ᠡᠭᠦᠷᠦᠭᠡᠳ ᠠᠷᠤ ᠶᠢᠨ ᠠᠭᠤᠯᠠᠨ ᠳᠠᠭᠠᠨ ᠭᠠᠷᠤᠯ᠎ᠠ᠃
    ᠠᠯᠵᠠᠭᠤ ᠡᠷ᠎ᠡ ᠡᠬᠡᠨᠡᠷ ᠡᠴᠡ ᠪᠡᠨ ᠰᠠᠯᠤᠭᠠᠳ ᠠᠭᠤᠯᠠᠨ ᠳᠤ ᠭᠠᠷᠤᠮᠠᠭᠴᠠ ᠠᠷᠭᠠᠯ ᠲᠡᠭᠦᠬᠦ ᠰᠠᠨᠠᠭ᠎ᠠ ᠦᠭᠡᠢ ᠪᠣᠯᠵᠤ ᠬᠠᠳᠠᠨ ᠡᠩᠭᠡᠷ ᠦᠨ ᠨᠠᠷᠠᠨ ᠡᠭᠡᠪᠦᠷ ᠲᠦ ᠯᠠᠪᠲᠠᠢᠵᠤ ᠰᠠᠭᠤᠭᠰᠠᠭᠠᠷ ᠤᠨᠲᠠᠴᠢᠬᠠᠵᠠᠢ᠃
    ᠬᠠᠨᠲᠠᠯ᠎ᠠ ᠤᠨᠲᠠᠭᠠᠳ ᠵᠡᠭᠦᠳᠦᠨ ᠡᠴᠡ ᠪᠡᠨ ᠰᠡᠷᠢᠭᠡᠳ ᠦᠵᠡᠬᠦ ᠳᠦ ᠨᠠᠷᠠ ᠰᠢᠩᠭᠡᠬᠦ ᠰᠢᠬᠠᠭᠰᠠᠨ ᠲᠤᠯᠠ ᠠᠯᠵᠠᠭᠤ ᠡᠷ᠎ᠡ ᠠᠷᠭᠠᠯ ᠲᠡᠭᠦᠬᠦ ᠪᠡᠨ ᠰᠠᠨᠠᠵᠤ ᠨᠡᠰᠢ ᠴᠠᠰᠢ ᠶᠠᠪᠤᠭᠰᠠᠨ ᠪᠣᠯᠪᠠᠴᠤ ᠠᠷᠭᠠᠯ ᠲᠦᠯᠡᠭᠡ ᠣᠯᠤᠭᠰᠠᠨ ᠦᠭᠡᠢ᠃ ᠲᠩᠷᠢ ᠬᠠᠷᠠᠩᠭᠤᠢᠯᠠᠬᠤ ᠰᠢᠬᠠᠭᠰᠠᠨ ᠲᠤᠯᠠ ᠭᠡᠷ ᠲᠡᠭᠡᠨ ᠬᠠᠷᠢᠬᠤ ᠪᠠᠷ ᠠᠭᠤᠯᠠ ᠬᠠᠳᠠ ᠶᠢ ᠰᠦᠯᠵᠢᠨ ᠠᠯᠬᠤᠬᠤ ᠳᠠᠭᠠᠨ ᠬᠠᠯᠲᠤᠷᠢᠵᠤ ᠤᠨᠠᠭᠠᠳ ᠠᠷᠤᠭ ᠢᠶᠠᠨ ᠪᠠᠯᠪᠠᠯᠴᠢᠬᠠᠵᠠᠢ᠃
    ᠠᠷᠭᠠᠯ ᠣᠯᠵᠤ ᠲᠡᠭᠦᠭᠰᠡᠨ ᠦᠭᠡᠢ ᠮᠥᠷᠲᠡᠭᠡᠨ ᠠᠷᠤᠭ ᠢᠶᠠᠨ ᠴᠤ ᠰᠦᠢᠳᠬᠡᠭᠰᠡᠨ ᠡᠴᠡ ᠤᠷᠮ᠎ᠠ ᠮᠠᠭᠤᠲᠠᠢ ᠭᠡᠷ ᠲᠡᠭᠡᠨ ᠬᠦᠷᠬᠦ ᠳᠦ ᠠᠷᠭᠠᠯ ᠠᠪᠴᠢᠷᠠᠬᠤ ᠶᠢ ᠬᠦᠯᠢᠶᠡᠵᠦ ᠪᠠᠢᠭᠰᠠᠨ ᠡᠬᠡᠨᠡᠷ ᠨᠢ ᠠᠭᠤᠷᠯᠠᠵᠤ᠄
   — ᠠᠪᠴᠤ ᠶᠠᠪᠤᠭᠰᠠᠨ ᠠᠷᠤᠭ ᠴᠢᠨᠢ ᠶᠠᠭᠠᠬᠢᠴᠢᠬᠠᠪᠠ? ᠠᠪᠴᠢᠷᠠᠭᠰᠠᠨ ᠠᠷᠭᠠᠯ ᠴᠢᠨᠢ ᠬᠠᠮᠢᠭ᠎ᠠ ᠪᠠᠢᠨ᠎ᠠ? ᠭᠡᠵᠦ ᠵᠠᠩᠨᠠᠭᠰᠠᠨ ᠳᠤ ᠠᠯᠵᠠᠭᠤ ᠡᠷ᠎ᠡ᠄
   — ᠠᠭᠤᠯᠠᠨ ᠳᠤ ᠶᠠᠪᠤᠭᠠᠳ ᠠᠷᠭᠠᠯ ᠴᠤ ᠣᠯᠤᠭᠰᠠᠨ ᠦᠭᠡᠢ᠂ ᠤᠷᠪᠠᠵᠤ ᠢᠷᠡᠬᠦ ᠳᠡᠭᠡᠨ ᠠᠷᠤᠭ ᠢᠶᠠᠨ ᠴᠤ ᠡᠪᠳᠡᠯᠡᠴᠢᠬᠡᠵᠡᠢ ᠭᠡᠵᠦ ᠳᠦᠳᠦᠨᠡᠭᠰᠡᠨ ᠭᠡᠨ᠎ᠡ᠃
    ᠢᠩᠭᠢᠭᠡᠳ 《 ᠠᠭᠤᠯᠠᠨ ᠳᠤ ᠶᠠᠪᠤᠭᠠᠳ ᠠᠷᠭᠠᠯ ᠴᠤ ᠦᠭᠡᠢ᠂ ᠤᠷᠪᠠᠵᠤ ᠢᠷᠡᠭᠡᠳ ᠠᠷᠤᠭ ᠴᠤ ᠦᠭᠡᠢ》 ᠭᠡᠳᠡᠭ ᠦᠭᠡ ᠡᠭᠦᠰᠴᠡᠢ᠃ ᠬᠣᠵᠢᠮ ᠨᠢ ᠬᠥᠮᠦᠰ ᠡᠨᠡ ᠦᠭᠡ ᠪᠡᠷ ᠵᠣᠷᠢᠭᠰᠠᠨ ᠶᠠᠪᠤᠳᠠᠯ ᠨᠢ ᠪᠦᠲᠦᠭᠰᠡᠨ ᠦᠭᠡᠢ ᠪᠡᠷ ᠦᠯᠦ ᠪᠠᠷᠠᠮ ᠭᠡᠳᠡᠷᠭᠦ ᠬᠣᠬᠢᠷᠠᠯ ᠠᠮᠰᠠᠭᠰᠠᠨ ᠪᠦᠲᠦᠯ ᠦᠭᠡᠢ ᠠᠵᠢᠯᠯᠠᠭ᠎ᠠ ᠶᠢ ᠰᠢᠭᠦᠮᠵᠢᠯᠡᠨ ᠢᠯᠡᠳᠬᠡᠳᠡᠭ ᠪᠣᠯᠪᠠ᠃
       ᠦᠰᠦᠭ ᠠᠮᠢᠯᠠᠭᠤᠯᠤᠭᠠᠴᠢ᠄ ᠰᠢᠷᠠᠨᠤᠳ ᠨᠠᠷᠠᠰᠤ
       ᠦᠰᠦᠭ ᠬᠢᠨᠠᠭᠴᠢ᠄ ᠮᠣᠩᠭᠤᠯᠬᠦᠦ