ᠨᠠᠷᠠᠨ ᠮᠠᠨᠳᠤᠬᠤ ᠨᠤᠲᠤᠭ-ᠳ ∙ ᠣᠰᠬᠣᠨᠪᠠᠶᠠᠷ ᠎Наран мандах нутаг-Д.Осгонбаяр _ D.Osgonbayar - Naran mandakh nutag ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠨ ᠮᠠᠨᠳᠤᠬᠤ ᠨᠤᠲᠤᠭ-ᠳ ∙ ᠣᠰᠬᠣᠨᠪᠠᠶᠠᠷ ᠎Наран мандах нутаг-Д.Осгонбаяр _ D.Osgonbayar - Naran mandakh nutag

ᠨᠠᠷᠠᠨ ᠮᠠᠨᠳᠤᠬᠤ ᠨᠤᠲᠤᠭ-ᠳ ∙ ᠣᠰᠬᠣᠨᠪᠠᠶᠠᠷ ᠎Наран мандах нутаг-Д.Осгонбаяр _ D.Osgonbayar - Naran mandakh nutag

2024-09-04

678

ᠨᠠᠷᠠᠨ ᠮᠠᠨᠳᠤᠬᠤ ᠨᠤᠲᠤᠭ

   ᠦᠭᠡ᠄ ᠰ· ᠠᠮᠤᠷᠲᠠᠢᠪᠤᠩ 
   ᠠᠶ᠎ᠠ᠄ ᠱ· ᠪᠠᠲᠤᠰᠠᠢᠬᠠᠨ 
   ᠳᠠᠭᠤᠴᠢᠨ᠄ ᠲ· ᠤᠰᠠᠬᠠᠪᠠᠶᠠᠷ 
ᠮᠠᠨᠳᠤᠬᠤ ᠨᠠᠷᠠᠨ ᠵᠦᠭ ᠲᠦ᠍ ᠨᠤᠲᠤᠭ ᠮᠢᠨᠢ ᠪᠠᠢᠳᠠᠭ ᠶᠤᠮ ᠠ᠋ 
ᠮᠠᠷᠭᠤᠬᠤ ᠶᠠᠭᠤᠮ᠎ᠠ ᠦᠭᠡᠢ ᠲᠡᠨᠳᠡ ᠳᠤᠯᠠᠭᠠᠬᠠᠨ ᠪᠠᠢᠳᠠᠭ ᠶᠤᠮ ᠠ᠋ 
ᠮᠠᠯ ᠨᠢ ᠲᠣᠭᠲᠠᠭᠤᠬᠠᠨ ᠬᠥᠮᠦᠨ ᠨᠢ ᠠᠶᠠᠳᠠᠭᠠᠳ 
ᠮᠠᠨᠳᠤᠬᠤ ᠨᠠᠷᠠᠨ ᠵᠦᠭ ᠲᠦ᠍ ᠨᠤᠲᠤᠭ ᠮᠢᠨᠢ ᠪᠠᠢᠳᠠᠭ ᠶᠤᠮ ᠠ᠋ 
ᠤᠷᠭᠤᠬᠤ ᠨᠠᠷᠠᠨ ᠵᠦᠭ ᠲᠦ᠍ ᠨᠤᠲᠤᠭ ᠮᠢᠨᠢ ᠪᠠᠢᠳᠠᠭ ᠶᠤᠮ ᠠ᠋ 
ᠤᠷᠲᠤ ᠶ᠋ᠢᠨ ᠳᠠᠭᠤᠤ ᠰᠢᠭ᠋ ᠲᠠᠯ᠎ᠠ ᠴᠡᠩᠬᠡᠷᠳᠡᠵᠦ ᠪᠠᠢᠳᠠᠭ ᠶᠤᠮ 
ᠠᠭᠤᠳᠠᠮ ᠲᠠᠯ᠎ᠠ ᠪᠠᠨ ᠲᠤᠭᠤᠯᠤᠨ᠎ᠠ ᠭᠡᠵᠦ 
ᠤᠨᠠᠭᠠᠨ ᠬᠦᠯᠦᠭ ᠮᠢᠨᠢ ᠪᠣᠰᠤᠭ᠎ᠠ ᠲᠥᠷᠥᠳᠡᠭ ᠶᠤᠮ ᠠ᠋
ᠲᠣᠮᠣ ᠨᠠᠷᠠᠨ ᠳᠣᠣᠷ᠎ᠠ ᠨᠤᠲᠤᠭ ᠮᠢᠨᠢ ᠪᠠᠢᠳᠠᠭ ᠶᠤᠮ ᠠ᠋
ᠲᠣᠭᠣᠷᠤᠤ ᠰᠢᠪᠠᠭᠤ ᠨᠢ ᠠᠯᠬᠤᠵᠤ ᠶᠠᠪᠤᠳᠠᠭ ᠶᠤᠮ ᠠ᠋
ᠲᠣᠭᠣᠭ᠎ᠠ ᠲᠠᠢ ᠰᠦ ᠪᠡᠨ ᠡᠵᠢ ᠮᠢᠨᠢ ᠰᠠᠮᠤᠷᠤᠭᠠᠳ
ᠲᠣᠮᠣᠭ᠎ᠠ ᠦᠭᠡᠢ ᠬᠦᠦ ᠪᠡᠨ ᠬᠦᠯᠢᠶᠡᠵᠦ ᠰᠠᠭᠤᠳᠠᠭ ᠶᠤᠮ ᠠ᠋
ᠵᠥᠭᠡᠯᠡᠨ ᠰᠢᠷᠭᠠᠯ ᠵᠦᠭ ᠲᠦ᠍ ᠨᠤᠲᠤᠭ ᠮᠢᠨᠢ ᠪᠠᠢᠳᠠᠭ ᠶᠤᠮ
ᠠ᠋
ᠵᠥᠷᠢᠭᠦᠳᠬᠡᠨ ᠪᠠᠭ᠎ᠠ ᠨᠠᠰᠤ ᠮᠢᠨᠢ ᠲᠡᠨᠳᠡ ᠯᠠ ᠦᠯᠡᠳᠡᠭᠡᠰᠡ ᠶᠤᠮ ᠠ᠋
ᠰᠥᠭᠡᠰᠡᠭᠡᠷ ᠬᠦᠦ ᠪᠡᠨ ᠡᠵᠢ ᠮᠢᠨᠢ ᠡᠭᠦᠷᠦᠭᠡᠳ
ᠵᠥᠩᠳᠡᠭᠡᠨ ᠦᠯᠢᠭᠡᠷ ᠶᠠᠷᠢᠵᠤ ᠯᠠ ᠥᠭᠭᠦᠭᠰᠡᠨ ᠶᠤᠮ ᠠ᠋

   ᠦᠰᠦᠭ ᠠᠮᠢᠯᠠᠭᠤᠯᠤᠭᠰᠠᠨ ᠨᠢ᠄ ᠪᠦᠷᠢᠨᠵᠢᠷᠭᠠᠯ
   ᠦᠰᠦᠭ ᠬᠠᠲᠠᠭᠰᠠᠨ ᠨᠢ ᠪᠦᠷᠢᠨᠵᠢᠷᠭᠠᠯ
   ᠬᠢᠨᠠᠭᠴᠢ᠄ ᠣᠳᠬᠤᠩᠬᠤᠸᠠᠷ