ᠡᠵᠢ ᠪᠡᠨ ᠳᠤᠷᠠᠰᠤᠨ᠎ᠠ- ᠠᠨᠠᠷЭэжээ дурсана-анар
ᠡᠵᠢ ᠪᠡᠨ ᠳᠤᠷᠠᠰᠤᠨ᠎ᠠ
ᠦᠭᠡ᠄ ᠨ᠂ ᠨᠠᠮᠵᠢᠭ
ᠠᠶ᠎ᠠ᠄ ᠴ᠂ ᠨᠠᠮᠰᠠᠷᠠᠢᠵᠠᠪ
ᠳᠠᠭᠤᠴᠢᠨ᠄ ᠠᠨᠠᠷ
ᠪᠤᠭᠤᠷᠤᠯ ᠬᠠᠩᠭᠠᠢ ᠶ᠋ᠢᠨ ᠠᠭᠤᠯᠠᠨ ᠳ᠋ᠤ᠌
ᠪᠤᠳᠠᠩ ᠰᠠᠭᠤᠭᠠᠳ ᠢᠷᠡᠬᠦ ᠪᠡᠷ
ᠰᠦ ᠪᠡᠨ ᠡᠷᠭᠦᠭᠡᠳ ᠬᠣᠴᠣᠷᠤᠭᠰᠠᠨ
ᠰᠠᠢᠬᠠᠨ ᠡᠵᠢ ᠪᠡᠨ ᠰᠠᠨᠠᠯ᠎ᠠ ᠪᠢ
ᠰᠦ ᠪᠡᠨ ᠡᠷᠭᠦᠭᠡᠳ ᠬᠣᠴᠣᠷᠤᠭᠰᠠᠨ
ᠰᠠᠢᠬᠠᠨ ᠡᠵᠢ ᠪᠡᠨ ᠰᠠᠨᠠᠯ᠎ᠠ ᠪᠢ
ᠨᠠᠷᠠᠯᠠᠭ ᠬᠠᠩᠭᠠᠢ ᠶ᠋ᠢᠨ ᠠᠭᠤᠯᠠᠨ ᠳ᠋ᠤ᠌
ᠨᠠᠮᠤᠷ ᠤ᠋ᠨ ᠬᠢᠷᠠᠭᠤ ᠤᠨᠠᠬᠤ ᠪᠠᠷ
ᠠᠯᠠᠭᠠᠨ ᠳᠡᠭᠡᠷ᠎ᠡ ᠪᠡᠨ
ᠪᠦᠪᠡᠢᠯᠡᠭᠰᠡᠨ
ᠠᠴᠢᠲᠠᠢ ᠡᠵᠢ ᠪᠡᠨ ᠳᠤᠷᠠᠰᠤᠨ᠎ᠠ ᠪᠢ
ᠠᠯᠠᠭᠠᠨ ᠳᠡᠭᠡᠷ᠎ᠡ ᠪᠡᠨ ᠪᠦᠪᠡᠢᠯᠡᠭᠰᠡᠨ
ᠠᠴᠢᠲᠠᠢ ᠡᠵᠢ ᠪᠡᠨ ᠳᠤᠷᠠᠰᠤᠨ᠎ᠠ ᠪᠢ
ᠮᠢᠨᠵᠢᠨ ᠨᠣᠮᠢᠨ ᠬᠠᠩᠭᠠᠢ ᠨᠢ
ᠮᠢᠩᠭᠠᠨ ᠠᠭᠤᠯᠠᠰ ᠤ᠋ᠨ ᠨᠤᠲᠤᠭ ᠲᠠ
ᠥᠯᠵᠡᠢ ᠪᠣᠯᠤᠭᠰᠠᠨ ᠭᠣᠯᠣᠮᠲᠠ ᠪᠠᠨ
ᠥᠪᠯᠡᠵᠦ ᠶᠠᠪᠤᠭ᠎ᠠ ᠳ᠋ᠠᠭᠠᠨ ᠪᠡᠶᠡᠰᠦᠨ᠎ᠡ ᠪᠢ
ᠥᠯᠵᠡᠢ ᠪᠣᠯᠤᠭᠰᠠᠨ ᠭᠣᠯᠣᠮᠲᠠ ᠪᠠᠨ
ᠥᠪᠯᠡᠵᠦ ᠶᠠᠪᠤᠭ᠎ᠠ ᠳ᠋ᠠᠭᠠᠨ ᠪᠡᠶᠡᠰᠦᠨ᠎ᠡ ᠪᠢ
ᠦᠰᠦᠭ ᠬᠠᠳᠠᠬᠰᠠᠨ ᠨᠢ᠄ ᠦᠯᠵᠡᠢᠪᠠᠭᠠᠲᠤᠷ
ᠬᠢᠨᠠᠬᠰᠠᠨ ᠨᠢ᠄ ᠮᠥᠩᠬᠡ ᠭᠠᠯ
