ᠤᠯᠠᠭᠠᠨ ᠬᠠᠳᠠ ᠶ᠋ᠢᠨ ᠤᠰᠤулаан хадын ус-ᠣᠷᠳᠣᠰ ᠠᠷᠠᠳ ᠤᠨ ᠳᠠᠭᠤᠤ40 ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠬᠠᠳᠠ ᠶ᠋ᠢᠨ ᠤᠰᠤулаан хадын ус-ᠣᠷᠳᠣᠰ ᠠᠷᠠᠳ ᠤᠨ ᠳᠠᠭᠤᠤ40

ᠤᠯᠠᠭᠠᠨ ᠬᠠᠳᠠ ᠶ᠋ᠢᠨ ᠤᠰᠤулаан хадын ус-ᠣᠷᠳᠣᠰ ᠠᠷᠠᠳ ᠤᠨ ᠳᠠᠭᠤᠤ40

2023-09-03

299

ᠤᠯᠠᠭᠠᠨ ᠬᠠᠳᠠ ᠶ᠋ᠢᠨ ᠤᠰᠤ

ᠤᠯᠠᠭᠠᠨ ᠬᠠᠳᠠ ᠶ᠋ᠢᠨ ᠤᠰᠤ ᠶ᠋ᠢ 
ᠤᠤᠭᠤᠭᠠᠳᠤᠢ ᠬᠠᠯᠢᠭᠤᠨ ᠪᠣᠢ 
ᠤᠷᠠᠨ ᠰᠡᠴᠡᠨ ᠳᠡᠭᠦᠦ ᠨᠠᠷ ᠲᠤ᠌ ᠪᠠᠨ 
ᠪᠢᠳᠡ ᠢᠷᠡᠭᠡᠳ ᠵᠣᠯᠭᠠᠨ᠎ᠠ 

ᠴᠠᠭᠠᠨ ᠬᠠᠳᠠ ᠶ᠋ᠢᠨ ᠤᠰᠤ ᠶ᠋ᠢ 
ᠤᠤᠭᠤᠭᠠᠳᠤᠢ ᠬᠠᠯᠢᠭᠤᠨ ᠪᠣᠢ 
ᠴᠠᠭᠯᠠᠰᠢ ᠦᠭᠡᠢ ᠳᠡᠭᠦᠦ ᠨᠠᠷ ᠲᠤ᠌ ᠪᠠᠨ 
ᠪᠢᠳᠡ ᠢᠷᠡᠭᠡᠳ ᠵᠣᠯᠭᠠᠨ᠎ᠠ 

ᠨᠠᠷᠢᠨ ᠴᠠᠭᠠᠨ ᠰᠤᠮᠤᠨ ᠳ᠋ᠤ᠌ 
ᠨᠠᠪᠴᠢᠨ ᠲᠠᠤᠯᠠᠢ ᠨᠠᠬᠢᠯᠵᠠᠨ᠎ᠠ 
ᠨᠠᠬᠢᠯᠵᠠᠭᠰᠠᠨ ᠳᠡᠭᠦᠦ ᠨᠠᠷ ᠲᠤ᠌ ᠪᠠᠨ 
ᠪᠢᠳᠡ ᠢᠷᠡᠭᠡᠳ ᠵᠣᠯᠭᠠᠨ᠎ᠠ 

ᠥᠷᠭᠡᠨ ᠴᠠᠭᠠᠨ ᠰᠤᠮᠤᠨ ᠳ᠋ᠤ᠌
ᠪᠥᠵᠥᠩ ᠲᠠᠤᠯᠠᠢ ᠪᠦᠭᠭᠦᠯᠵᠡᠨ᠎ᠡ
ᠪᠦᠬᠦᠢᠯᠵᠡᠭᠰᠡᠨ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠬᠤᠷᠠᠭ᠎ᠠ ᠲᠠᠢ ᠪᠠᠨ ᠬᠣᠨᠢᠨ ᠳ᠋ᠤ᠌
ᠬᠤᠷᠠᠭ᠎ᠠ ᠶᠠᠭᠤᠨ ᠳ᠋ᠤ᠌ ᠪᠠᠨ ᠡᠷᠭᠢᠨ᠎ᠡ ᠳᠡ
ᠬᠣᠩᠭᠣᠷ ᠠᠯᠠᠭ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠢᠨᠵᠠᠭ᠎ᠠ ᠲᠠᠢ ᠪᠠᠨ ᠵᠡᠭᠡᠷ᠎ᠡ ᠨᠢ
ᠢᠨᠵᠠᠭ᠎ᠠ ᠶᠠᠭᠤᠨ ᠳ᠋ᠤ᠌ ᠪᠠᠨ ᠡᠷᠭᠢᠨ᠎ᠡ ᠳᠡ
ᠢᠷᠠᠯᠵᠠᠭᠰᠠᠨ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠤᠭᠠᠯᠵᠠ ᠲᠠᠢ ᠪᠠᠨ ᠮᠠᠭᠨᠢ ᠳ᠋ᠤ᠌
ᠤᠭᠠᠯᠵᠠ ᠶᠠᠭᠤᠨ ᠳ᠋ᠤ᠌ ᠪᠠᠨ ᠵᠣᠬᠢᠰᠲᠠᠢ
ᠤᠷᠠᠨ ᠰᠡᠴᠡᠨ ᠳᠡᠭᠦᠦ ᠨᠠᠷ ᠲᠤ᠌ ᠪᠠᠨ
ᠪᠢᠳᠡ ᠢᠷᠡᠭᠡᠳ ᠵᠣᠯᠭᠠᠨ᠎ᠠ

ᠯᠣᠩᠬᠣ ᠲᠠᠢ ᠪᠠᠨ ᠠᠷᠢᠬᠢ ᠪᠠᠨ
ᠰᠣᠩᠭᠣᠨ ᠰᠠᠭᠤᠵᠤ ᠨᠠᠢᠷᠯᠠᠶ᠎ᠠ
ᠬᠤᠨᠳᠠᠭ᠎ᠠ ᠲᠠᠢ ᠪᠠᠨ ᠠᠷᠢᠬᠢ ᠪᠠᠨ
ᠲᠠᠯᠪᠢᠨ ᠰᠠᠭᠤᠵᠤ ᠨᠠᠢᠷᠯᠠᠶ᠎ᠠ