ᠣᠷᠣᠢ ᠦᠭᠡᠢ ᠰᠦᠮ᠎ᠡ – ᠠᠷᠪᠠᠨ ᠬᠣᠶᠠᠷ ᠂ ᠳᠣᠯᠣᠭᠠᠨ ᠲᠠᠮᠢᠷ ᠰᠤᠯᠠᠳᠠᠵᠠᠢ Оройгүй сүм – Арван хоёр ᠂ Долоон тамир сулджээ- Oroigui sum 12
ᠠᠷᠪᠠᠨ ᠬᠣᠶᠠᠷ ᠂ ᠳᠣᠯᠣᠭᠠᠨ ᠲᠠᠮᠢᠷ ᠰᠤᠯᠠᠳᠠᠵᠠᠢ
ᠰᠦᠬᠡ ᠦᠭᠡᠢ ᠰᠢᠪᠠᠭᠤ ᠡᠭᠦᠷ ᠢ᠋ᠶ᠋ᠡᠨ ᠪᠠᠷᠢᠬᠤ ᠨᠢ ᠭᠠᠢᠬᠠᠯ
ᠨᠢᠳᠦ ᠦᠭᠡᠢ ᠰᠢᠷᠭᠤᠯᠵᠢ ᠨᠦᠬᠡ ᠪᠡᠨ ᠣᠯᠬᠤ ᠨᠢ ᠭᠠᠢᠬᠠᠯ
ᠵᠣᠯᠢᠭ ᠲᠤ᠌ ᠭᠠᠷᠭᠠᠭᠰᠠᠨ᠂ ᠰᠦᠨᠡᠰᠦ ᠳᠠᠭᠤᠳᠠᠭᠰᠠᠨ ᠵᠠᠩ ᠦᠢᠯᠡ ᠶ᠋ᠢᠨ ᠬᠦᠴᠦᠨ ᠳ᠋ᠤ᠌ ᠵᠠᠯᠠᠭᠤ ᠭᠡᠰᠦᠯ ᠦ᠋ᠨ ᠪᠡᠶ᠎ᠡ ᠵᠠᠰᠠᠷᠠᠨ ᠡᠳᠡᠭᠡᠷᠡᠨ᠎ᠡ ᠭᠡᠵᠦ ᠭᠠᠪᠵᠤ ᠯᠥᠨᠳᠥᠭᠵᠦᠨᠡᠢ ᠱᠠᠪᠢ ᠨᠠᠷ ᠤ᠋ᠨ ᠢ᠋ᠶ᠋ᠠᠨ ᠬᠠᠮᠲᠤ ᠢᠲᠡᠭᠡᠭᠰᠡᠨ ᠪᠣᠯᠪᠠᠴᠤ ᠲᠡᠷᠡ ᠪᠦᠬᠦᠨ ᠲᠠᠯᠠᠭᠠᠷ ᠥᠩᠭᠡᠷᠡᠵᠡᠢ᠃ ᠰᠠᠩᠵᠢ ᠭᠡᠰᠦᠯ ᠦ᠋ᠨ ᠪᠡᠶ᠎ᠡ ᠰᠠᠢᠵᠢᠷᠠᠭᠰᠠᠨ ᠦᠭᠡᠢ᠃ ᠬᠡᠳᠦᠨ ᠬᠣᠨᠣᠭ ᠣᠷᠣᠨ ᠠ᠋ᠴᠠ ᠪᠠᠨ ᠪᠣᠰᠴᠤ ᠴᠢᠳᠠᠭᠰᠠᠨ ᠦᠭᠡᠢ᠃ ᠯᠥᠨᠳᠥᠭᠵᠦᠨᠡᠢ ᠯᠠᠮᠠᠳᠠᠨ ᠰᠦᠨᠡᠰᠦ ᠶᠢ ᠳᠠᠬᠢᠨ ᠳᠠᠭᠤᠳᠠᠬᠤ ᠭᠡᠵᠦ ᠰᠢᠢᠲᠦᠭᠰᠡᠨ ᠪᠣᠯᠪᠠᠴᠤ ᠭᠡᠰᠦᠯ ᠳ᠋ᠦ᠍ ᠮᠥᠩᠭᠥ ᠪᠠᠢᠭᠰᠠᠨ ᠦᠭᠡᠢ᠂ ᠶᠠᠮᠠᠷ ᠨᠢᠭᠡᠨ ᠳᠤᠷ᠎ᠠ ᠪᠤᠯᠢᠶᠠᠮᠠᠷ ᠬᠤᠪᠴᠠᠰᠤ᠂ ᠡᠳ᠋ᠯᠡᠯ ᠴᠦ᠍ ᠪᠠᠢᠭᠰᠠᠨ ᠦᠭᠡᠢ᠃ ᠲᠡᠭᠡᠭᠡᠳ ᠴᠦ᠍ ᠲᠡᠭᠦᠨ ᠦ᠌ ᠪᠡᠶ᠎ᠡ ᠰᠠᠢᠵᠢᠷᠠᠬᠤ ᠨᠠᠢᠳᠠᠪᠤᠷᠢ ᠦᠭᠡᠢ ᠮᠡᠲᠦ ᠰᠠᠨᠠᠭᠳᠠᠭᠰᠠᠨ ᠲᠤᠯᠠ 《ᠰᠦᠨᠡᠰᠦ ᠶ᠋ᠢ ᠳᠠᠬᠢᠨ ᠳᠠᠭᠤᠳᠠᠭᠠᠳ ᠡᠭᠡᠵᠦ ᠢᠷᠡᠬᠦ ᠦᠭᠡᠢ ᠪᠣᠯ ᠨᠢᠭᠡᠨ ᠵᠢᠩᠳᠠᠭᠠᠨ ᠤ᠋ ᠬᠢᠨ ᠴᠦ᠍ ᠮᠢᠨᠦ ᠲᠤᠬᠠᠢ ᠡᠯᠳᠡᠪ ᠶᠠᠭᠤᠮ᠎ᠠ ᠪᠣᠳᠣᠵᠤ ᠮᠠᠭᠠᠳ ᠦᠭᠡᠢ᠃ ᠡᠢᠮᠦ ᠳ᠋ᠦ᠍ ᠰᠡᠷᠡᠮᠵᠢᠯᠡᠪᠡᠯ ᠲᠠᠭᠠᠷᠠᠨ᠎ᠠ᠃ ᠬᠣᠯᠠ ᠨᠤᠲᠤᠭ ᠤ᠋ᠨ ᠬᠥᠮᠦᠨ ᠤᠴᠢᠷ ᠰᠦᠨᠡᠰᠦ ᠨᠢ ᠠᠷᠤ ᠭᠡᠷ ᠲᠦ᠍ ᠪᠡᠨ ᠣᠳᠣ ᠳ᠋ᠤ᠌ ᠲᠥᠭᠡᠷᠢᠭᠰᠡᠨ ᠬᠡᠷᠡᠭ》 ᠭᠡᠵᠦ ᠪᠣᠳᠣᠵᠠᠢ᠃
– ᠬᠡᠲᠦᠷᠬᠡᠢ ᠬᠣᠯᠠ ᠭᠠᠵᠠᠷ ᠠ᠋ᠴᠠ ᠵᠣᠷᠢᠵᠤ ᠢᠷᠡᠭᠰᠡᠨ ᠦ᠌ ᠤᠴᠢᠷ ᠰᠦᠨᠡᠰᠦ ᠨᠢ ᠨᠤᠲᠤᠭ ᠣᠷᠣᠨ ᠤ᠋ ᠵᠥᠭ ᠡᠭᠡᠨ ᠭᠦᠶᠦᠵᠦ ᠮᠣᠩᠭᠣᠯ ᠭᠠᠵᠠᠷ ᠤ᠋ᠨ ᠠᠭᠤᠯᠠ ᠬᠠᠳᠠᠨ᠎ᠠ ᠲᠥᠭᠡᠷᠢᠵᠡᠢ᠃ ᠡᠢᠮᠦ ᠬᠡᠷᠡᠭ ᠲᠦ᠍ ᠳᠠᠬᠢᠨ ᠰᠦᠨᠡᠰᠦ ᠳᠠᠭᠤᠳᠠᠭᠠᠳ ᠴᠤ᠌ ᠨᠡᠮᠡᠷᠢ ᠦᠭᠡᠢ ᠪᠣᠯᠪᠠ ᠤᠤ᠃ ᠭᠡᠪᠡᠴᠦ ᠡᠪᠡᠳᠴᠢᠲᠡᠨ ᠦ᠌ ᠰᠦᠵᠢᠭ ᠮᠡᠳᠡᠨ᠎ᠡ ᠬᠡᠮᠡᠨ ᠯᠥᠨᠳᠥᠭᠵᠦᠨᠡᠢ ᠭᠠᠪᠵᠤ ᠠᠢᠯᠠᠳᠤᠯ᠎ᠠ᠃
《ᠢᠷᠡᠪᠡ! ᠢᠷᠡᠪᠡ !ᠢᠷᠡᠪᠡ !》 ᠭᠡᠵᠦ ᠥᠴᠥᠭᠡᠳᠦᠷ ᠰᠥᠨᠢ ᠬᠠᠰᠬᠢᠷᠤᠯᠳᠤᠵᠤ ᠪᠠᠢᠭᠰᠠᠨ ᠬᠤᠸᠠᠷᠠᠭ ᠤ᠋ᠳ ᠤ᠋ᠨ ᠰᠡᠳᠬᠢᠯ ᠭᠠᠩᠰᠠᠷᠠᠨ ᠳᠣᠩᠰᠣᠯᠵᠠᠢ᠂ 《ᠢᠷᠡᠭᠡ ᠦᠭᠡᠢ ᠶᠦᠮ ᠪᠠᠢᠵᠤ ᠳᠠ?》 ᠭᠡᠵᠦ ᠲᠡᠳᠡ ᠭᠠᠢᠬᠠᠨ ᠪᠣᠳᠣᠪᠠ᠃
– ᠮᠠᠩᠪᠠ ᠶ᠋ᠢᠨ ᠳ᠋ᠠᠴᠠᠩ ᠤ᠋ᠨ ᠮᠠᠷᠠᠮᠪᠠ ᠫᠦᠷᠪᠦᠳᠣᠨᠣᠢ ᠳ᠋ᠤ᠌ ᠯᠠ ᠥᠭᠴᠦ ᠰᠡᠭᠦᠯᠴᠢ ᠶᠢᠨ ᠭᠣᠷᠢᠳᠠᠯᠭ᠎ᠠ ᠪᠠᠨ ᠪᠠᠷᠠᠬᠤ ᠠ᠋ᠴᠠ ᠶᠠᠭᠠᠬᠢᠬᠤᠪ ᠭᠡᠵᠦ ᠯᠥᠨᠳᠥᠭᠵᠦᠨᠡᠢ ᠬᠡᠯᠡᠵᠡᠢ᠃
ᠪᠠᠭᠰᠢ ᠯᠠᠮᠠ ᠶ᠋ᠢᠨ ᠢ᠋ᠶ᠋ᠡᠨ ᠬᠡᠯᠡᠭᠰᠡᠨ ᠶᠣᠰᠣᠭᠠᠷ ᠱᠠᠪᠢ ᠨᠠᠷ ᠨᠢ ᠨᠢᠭᠡ ᠵᠢᠩᠳᠠᠭᠠᠨ ᠤ ᠨᠥᠬᠥᠷ ᠢᠶᠡᠨ ᠡᠳᠡᠭᠡᠭᠡᠬᠦ ᠶ᠋ᠢᠨ ᠲᠤᠯᠠᠳᠠ ᠶᠠᠭᠤ ᠴᠤ᠌ ᠬᠢᠬᠦ ᠳ᠋ᠦ᠍ ᠪᠡᠯᠡᠬᠡᠨ ᠪᠠᠢᠭᠰᠠᠨ ᠲᠤᠯᠠ ᠮᠠᠩᠪᠠ ᠶ᠋ᠢᠨ ᠳ᠋ᠠᠴᠠᠩ ᠤᠷᠤᠭᠤ ᠶᠠᠪᠤᠴᠠᠭᠠᠵᠠᠢ᠃
– ᠨᠠᠳᠠ ᠨᠠᠢᠳᠠᠵᠤ ᠯᠠ ᠪᠠᠢᠭ᠎ᠠ ᠶᠤᠮ ᠪᠣᠯ ᠠᠪᠤᠭᠠᠳ ᠯᠠ ᠢᠷ᠎ᠡ! ᠯᠥᠨᠳᠥᠭᠵᠦᠨᠡᠢ ᠭᠠᠪᠵᠤ ᠠᠷᠭᠠᠯᠠᠵᠤ ᠴᠢᠳᠠᠭ᠎ᠠ ᠦᠭᠡᠢ ᠪᠣᠯ ᠲᠡᠷᠡ ᠲᠠᠢ ᠲᠡᠷᠡ ᠦᠭᠡᠢ ᠭᠠᠢ ᠳ᠋ᠤ᠌ ᠭᠠᠷᠤᠭᠰᠠᠨ ᠠᠮᠢ ᠪᠠᠢᠬᠤ ᠨᠢ ᠯᠡ ᠳᠡ᠃ ᠭᠣᠷᠢ ᠪᠠᠨ ᠲᠠᠰᠤᠯᠵᠤ᠂ ᠬᠣᠴᠢ ᠪᠠᠨ ᠪᠠᠷᠠᠶ᠎ᠠ ᠭᠡᠵᠦ ᠰᠠᠨᠠᠵᠠᠭᠠᠵᠤ ᠪᠠᠢᠭ᠎ᠠ ᠪᠣᠯ ᠠᠪᠤᠭᠠᠳ ᠯᠠ ᠢᠷ᠎ᠡ᠃ ᠬᠠᠷᠢᠨ ᠪᠢ ᠶᠠᠪᠤᠵᠤ ᠣᠴᠢᠵᠤ ᠡᠮᠨᠡᠵᠦ ᠴᠢᠳᠠᠬᠤ ᠦᠭᠡᠢ ᠰᠢᠦ᠃ ᠮᠢᠨᠦ ᠭᠡᠷ ᠦ᠋ᠨ ᠢᠯᠡᠭᠦᠦ ᠭᠣᠩᠬᠣᠨ ᠳ᠋ᠤ᠌ ᠬᠡᠪᠲᠡᠨ᠎ᠡ ᠪᠢᠵᠡ ᠭᠡᠵᠦ ᠫᠦᠷᠪᠦᠳᠣᠨᠣᠢ ᠮᠠᠷᠠᠮᠪᠠ ᠬᠡᠯᠡᠬᠦ ᠳ᠋ᠦ᠍ ᠬᠤᠸᠠᠷᠠᠭ ᠤ᠋ᠳ ᠴᠥᠮ ᠯᠡ ᠵᠦᠪᠰᠢᠶᠡᠷᠠᠵᠤ ᠡᠯᠵᠢᠭᠡ ᠬᠥᠯᠯᠡᠭᠰᠡᠨ ᠲᠡᠷᠭᠡ ᠣᠯᠵᠤ ᠠᠪᠤᠭᠠᠳ ᠰᠠᠩᠵᠢ ᠭᠡᠰᠦᠯ ᠢ᠋ ᠠᠪᠬᠤ ᠪᠠᠷ ᠢᠷᠡᠵᠡᠢ᠃ ᠲᠡᠳᠡᠨ ᠦ᠌ ᠳ᠋ᠦ᠍ ᠣᠴᠢᠬᠤ ᠡᠰᠡᠬᠦ ᠪᠡᠨ ᠰᠠᠩᠵᠢ ᠰᠢᠢᠳᠴᠦ ᠶᠠᠳᠠᠪᠠ᠃
– ᠠᠪᠤ᠂ ᠡᠵᠢ ᠮᠠᠨᠢ ᠶᠠᠭᠤ ᠭᠡᠬᠦ ᠪᠠᠢᠭᠰᠠᠨ ᠪᠣᠯ ᠠ᠋! ᠭᠡᠵᠦ ᠰᠠᠩᠵᠢ ᠭᠡᠰᠦᠯ ᠠᠷᠠᠢᠬᠢᠨ ᠳᠤᠤᠭᠠᠷᠪᠠ᠃
– ᠲᠡᠳᠡ ᠶᠠᠭᠤ ᠭᠡᠬᠦ ᠪᠣᠢ? ᠬᠠᠭᠠᠰ ᠵᠢᠯ ᠰᠢᠬᠠᠮ ᠶᠠᠪᠤᠵᠤ ᠪᠠᠢᠵᠤ ᠬᠡᠯᠡ ᠬᠦᠷᠭᠡᠨ᠎ᠡ ᠰᠢᠦ ᠳᠡ᠃ ᠬᠡᠯᠡ ᠬᠦᠷᠭᠡᠭᠡᠳ ᠴᠦ᠍ ᠲᠡᠳᠡ ᠡᠴᠦᠰ ᠦ᠋ᠨ ᠭᠣᠷᠢᠳᠠᠯᠭ᠎ᠠ ᠪᠦᠬᠦᠨ ᠢ᠋ ᠯᠡ ᠬᠢ ᠭᠡᠨ᠎ᠡ ᠪᠢᠵᠡ ᠳᠡ᠃ ᠡᠴᠦᠰ ᠦᠨ ᠭᠣᠷᠢᠳᠠᠯᠭ᠎ᠠ ᠪᠣᠯ ᠣᠳᠣ ᠫᠦᠷᠪᠦᠳᠣᠨᠣᠢ ᠮᠠᠷᠠᠮᠪᠠ ᠪᠠᠢᠨ᠎ᠠ ᠭᠡᠵᠦ ᠨᠥᠬᠥᠳ ᠨᠢ ᠢᠳᠬᠠᠭᠠᠳ ᠰᠠᠩᠵᠢ ᠭᠡᠰᠦᠯ ᠢ᠋ ᠡᠯᠵᠢᠭᠡᠨ ᠲᠡᠷᠭᠡᠨ ᠦ᠌ ᠬᠠᠲᠠᠭᠤ ᠳᠠᠨᠽᠠᠨ ᠳᠣᠲᠣᠷ᠎ᠠ ᠬᠡᠪᠲᠡᠭᠦᠯᠦᠨ ᠠᠪᠴᠤ ᠣᠳᠤᠯ᠎ᠠ᠃ ᠵᠠᠮ ᠤ᠋ᠨ ᠵᠠᠭᠤᠷ᠎ᠠ ᠨᠥᠬᠥᠳ ᠨᠢ ᠰᠠᠩᠵᠢ ᠳ᠋ᠤ᠌᠂
– ᠵᠠ ᠴᠢ ᠮᠠᠷᠠᠮᠪᠠ ᠳ᠋ᠤ᠌ ᠰᠦᠵᠢᠭᠯᠡᠪᠡᠯ ᠵᠣᠬᠢᠨ᠎ᠠ᠃ ᠥᠭᠡᠷ᠎ᠡ ᠠᠪᠤᠷᠠᠯ ᠪᠠᠢᠬᠤ ᠦᠭᠡᠢ᠃ ᠭᠠᠭᠴᠠᠬᠠᠨ ᠲᠠ ᠯᠠ ᠠᠮᠢ ᠨᠠᠰᠤ ᠶ᠋ᠢ ᠮᠢᠨᠢ ᠠᠪᠤᠷᠠᠵᠤ ᠥᠭᠭᠦᠭᠡᠴᠢ ᠭᠡᠵᠦ ᠯᠡ ᠭᠤᠶᠤᠭᠠᠳ ᠪᠠᠢ᠃ ᠥᠪᠡᠷ ᠲᠦ᠍ ᠨᠢ ᠢᠲᠡᠭᠡᠭᠰᠡᠨ ᠬᠦᠮᠦᠨ ᠢ᠋ ᠡᠳᠡᠭᠡᠭᠡᠭᠡᠳ ᠯᠡ ᠥᠭᠳᠡᠭ ᠮᠠᠷᠠᠮᠪᠠ ᠪᠠᠢᠭ᠎ᠠ ᠶᠤᠮ᠃ ᠶᠠᠭᠤ ᠬᠢ ᠭᠡᠰᠡᠨ ᠢ ᠨᠢ ᠯᠠ ᠬᠢᠭᠡᠳ ᠪᠠᠢ᠃ ᠦᠭᠡᠨ ᠡᠴᠡ ᠨᠢ ᠭᠠᠷᠴᠤ ᠪᠣᠯᠬᠤ ᠦᠭᠡᠢ ᠭᠡᠵᠦ ᠵᠠᠬᠢᠵᠠᠭᠠᠯᠠ᠃
ᠫᠦᠷᠪᠦᠳᠣᠨᠣᠢ ᠮᠠᠷᠠᠮᠪᠠ ᠰᠢᠪᠡᠷ ᠲᠠᠭᠠᠵᠠᠨ ᠤ᠋ ᠪᠠᠨ ᠬᠠᠵᠠᠭᠤ ᠶ᠋ᠢᠨ ᠭᠣᠩᠬᠣᠨ ᠳ᠋ᠤ᠌ ᠰᠠᠩᠵᠢ ᠭᠡᠰᠦᠯ ᠢ᠋ ᠬᠡᠪᠲᠡᠭᠦᠯᠦᠯᠡ᠃ ᠨᠥᠬᠥᠳ ᠲᠦ᠍ ᠨᠢ ᠲᠡᠷᠡ ᠬᠡᠯᠡᠬᠦ ᠳ᠋ᠡᠭᠡᠨ᠂
– ᠬᠠᠶᠠ ᠢᠷᠡᠵᠦ ᠳᠣᠷᠣᠢᠲᠠᠭᠰᠠᠨ ᠨᠥᠬᠥᠷ ᠢ᠋ ᠪᠡᠨ ᠬᠣᠭᠣᠯᠠᠯᠠᠵᠤ ᠪᠠᠢᠭᠠᠷᠠᠢ᠃ ᠪᠢ ᠬᠥᠭᠰᠢᠨ ᠠᠮᠢᠲᠠᠨ᠂ ᠪᠤᠰᠤᠳ ᠢ᠋ ᠪᠠᠢᠲᠤᠭᠠᠢ ᠥᠪᠡᠷ ᠢ᠋ ᠪᠡᠨ ᠠᠳᠭᠤᠯᠵᠤ ᠴᠢᠳᠠᠬᠤ ᠦᠭᠡᠢ ᠭᠡᠪᠡ᠃
– ᠳᠡᠭᠡᠯ ᠦᠭᠡᠢ ᠶᠠᠭᠠᠬᠢᠬᠤ ᠪᠣᠢ ᠭᠡᠵᠦ ᠨᠥᠬᠥᠳ ᠨᠢ ᠠᠮᠠᠯᠠᠬᠤ ᠳ᠋ᠤ᠌᠄
– ᠲᠡᠭᠡᠬᠦ ᠳ᠋ᠡᠭᠡᠨ ᠥᠨᠵᠢᠭᠡᠳ ᠭᠠᠭᠴᠠ ᠢᠷᠡᠵᠦ ᠪᠠᠢ᠃ ᠡᠳᠦᠷ ᠪᠦᠷᠢ ᠡᠭᠦᠪᠡᠷ ᠦᠢᠮᠡᠯᠳᠦᠭᠡᠳ ᠨᠡᠮᠡᠷᠢ ᠦᠭᠡᠢ ᠰᠢᠦ ᠭᠡᠵᠦ ᠫᠦᠷᠪᠦᠳᠣᠨᠣᠢ ᠮᠠᠷᠠᠮᠪᠠᠲᠠᠨ ᠬᠡᠯᠡᠪᠡ᠃
ᠨᠥᠬᠥᠳ ᠢ᠋ ᠨᠢ ᠶᠠᠪᠤᠭᠰᠠᠨ ᠤ᠋ ᠳᠠᠷᠠᠭ᠎ᠠ ᠫᠦᠷᠪᠦᠳᠣᠨᠣᠢ ᠮᠠᠷᠠᠮᠪᠠ ᠡᠪᠡᠳᠴᠢᠲᠡᠨ ᠤ ᠰᠤᠳᠠᠰᠤ ᠶᠢ ᠪᠠᠷᠢᠬᠤ ᠪᠠᠷ ᠰᠢᠢᠳᠦᠭᠡᠳ ᠰᠠᠩᠵᠢ ᠭᠡᠰᠦᠯ ᠦ᠋ᠨ ᠡᠮᠦᠨ᠎ᠡ ᠢᠷᠡᠵᠦ ᠨᠠᠮᠬᠠᠨ ᠬᠠᠨᠵᠤ ᠰᠠᠨᠳᠠᠢᠯᠠᠨ ᠰᠠᠭᠤᠭᠠᠳ᠄
– ᠬᠡᠵᠢᠶ᠎ᠡ ᠡᠪᠡᠳᠦᠭᠡ ᠪᠣᠢ? ᠭᠡᠵᠦ ᠮᠣᠩᠭᠣᠯ ᠢ᠋ᠶ᠋ᠠᠷ ᠠᠰᠠᠭᠤᠪᠠ᠃
– ᠨᠤᠮᠨᠡᠢ ᠰᠠᠬᠢᠵᠤ ᠡᠬᠢᠨ ᠦ᠌ ᠬᠣᠶᠠᠷ ᠢ᠋ ᠳᠠᠭᠤᠰᠬᠠᠭᠠᠳ ᠪᠠᠢᠲᠠᠯ᠎ᠠ ᠡᠪᠡᠳᠴᠦ ᠡᠬᠢᠯᠡᠭᠡᠳ ᠨᠠᠢ᠍ᠮᠠᠳᠡᠬᠢ ᠨᠤᠮᠨᠡᠢ ᠶ᠋ᠢ ᠳᠡᠢᠯᠦᠭᠰᠡᠨ ᠦᠭᠡᠢ ᠤᠬᠠᠭᠠᠨ ᠠᠯᠳᠠᠭᠰᠠᠨ ᠭᠡᠵᠦ ᠰᠠᠩᠵᠢ ᠭᠡᠰᠦᠯ ᠲᠦᠪᠡᠳ ᠬᠡᠯᠡ ᠪᠡᠷ ᠬᠢᠴᠢᠶᠡᠩᠭᠦᠢᠯᠡᠨ ᠬᠡᠯᠡᠪᠡ᠃
– ᠬᠥᠰᠢ ᠴᠢ ᠴᠢᠨᠢ ᠲᠥᠪᠡᠳ ᠢ᠋ᠶ᠋ᠡᠷ ᠰᠠᠢᠬᠠᠨ ᠶᠠᠷᠢᠵᠤ ᠪᠠᠢᠬᠤ ᠴᠢᠪ? ᠲᠡᠭᠡᠭᠡᠳ ᠶᠠᠭᠤᠨ ᠳ᠋ᠤ᠌ ᠬᠠᠳᠠᠭ ᠵᠢᠩᠳᠠᠭᠠᠨ ᠳ᠋ᠤ᠌ ᠰᠠᠭᠤᠳᠠᠭ ᠪᠢᠯᠡ᠃ ᠲᠥᠪᠡᠳ ᠲᠦ᠍ ᠢᠷᠡᠭᠡᠳ ᠤᠲᠠᠵᠤ ᠪᠠᠢᠨ᠎ᠠ ᠤᠤ? ᠭᠡᠵᠦ ᠫᠦᠷᠪᠦᠳᠣᠨᠣᠢ ᠮᠠᠷᠠᠮᠪᠠ ᠭᠠᠢᠬᠠᠯ᠎ᠠ᠃
– ᠬᠠᠭᠠᠰ ᠵᠢᠯ ᠭᠠᠷᠤᠢᠬᠠᠨ ᠪᠣᠯᠵᠤ ᠪᠠᠢᠨ᠎ᠠ ᠭᠡᠵᠦ ᠰᠠᠩᠵᠢ ᠭᠡᠰᠦᠯ ᠠᠷᠠᠢ ᠶᠠᠳᠠᠨ ᠬᠡᠯᠡᠪᠡ᠃ ᠰᠢᠨᠠᠯᠭᠠᠨ ᠳ᠋ᠠᠭᠠᠨ ᠳᠡᠢᠯᠳᠡᠭᠡᠳ ᠦᠭᠡ ᠴᠦ᠍ ᠬᠡᠯᠡᠵᠦ ᠴᠢᠳᠠᠮᠠᠷ ᠦᠭᠡᠢ ᠪᠠᠢᠯ᠎ᠠ᠃
– ᠲᠡᠭᠡᠪᠡᠯ ᠴᠢ ᠲᠥᠪᠡᠳ ᠬᠡᠯᠡ ᠰᠠᠢᠨ ᠰᠤᠷᠴᠠᠢ᠃ ᠣᠪᠣᠭ᠎ᠠ ᠳᠣᠷᠢᠭᠤᠨ ᠰᠡᠢᠷᠡᠭ ᠤᠬᠠᠭᠠᠨ ᠲᠠᠢ ᠬᠤᠸᠠᠷᠠᠭ ᠪᠠᠢᠬᠤ ᠨᠢ ᠠ᠋! ᠲᠡᠭᠡᠪᠡᠯ ᠴᠢᠮᠠᠶ᠋ᠢ ᠡᠳᠡᠭᠡᠭᠡᠵᠦ ᠠᠪᠤᠪᠠᠯ ᠵᠣᠬᠢᠨ᠎ᠠ᠃ ᠪᠤᠷᠬᠠᠨ ᠳ᠋ᠤ᠌ ᠰᠠᠢᠨ ᠱᠠᠪᠢ ᠬᠡᠷᠡᠭᠲᠡᠢ ᠭᠡᠵᠦ ᠮᠠᠷᠠᠮᠪᠠ ᠬᠡᠯᠡᠭᠡᠳ ᠭᠡᠰᠦᠯ ᠦ᠋ᠨ ᠰᠤᠳᠠᠰᠤ ᠶ᠋ᠢ ᠠᠳᠬᠤᠨ ᠶᠠᠭᠤᠮ᠎ᠠ ᠴᠢᠩᠨᠠᠬᠤ ᠮᠡᠲᠦ ᠰᠠᠭᠤᠬᠤ ᠵᠠᠭᠤᠷ᠎ᠠ ᠰᠠᠩᠵᠢ ᠶ᠋ᠢᠨ ᠵᠢᠰᠦ ᠴᠢᠷᠠᠢ ᠶ᠋ᠢ ᠤᠳᠠᠲᠠᠯ᠎ᠠ ᠠᠵᠢᠭᠯᠠᠪᠠ᠃
– ᠺᠠᠢᠪ ᠵᠤᠨᠠᠢ ᠶ᠋ᠢᠨ ᠲᠠᠶᠢᠭ ᠢ᠋ᠶ᠋ᠠᠷ (ᠰᠤᠳᠤᠷ) ᠪᠣᠯ ᠰᠤᠳᠠᠰᠤᠨ ᠤ᠋ ᠴᠣᠬᠢᠯᠲᠠ ᠲᠠᠪᠢᠨ ᠨᠠᠢ᠍ᠮᠠᠨ ᠶᠠᠩᠵᠤ᠃ᠨᠢᠭᠡ ᠠᠮᠢᠰᠬᠤᠭᠠᠨ ᠤ᠋ ᠬᠤᠭᠤᠴᠠᠭᠠᠨ ᠳ᠋ᠤ᠌ ᠲᠠᠪᠤᠨ ᠤᠳᠠᠭ᠎ᠠ ᠴᠣᠬᠢᠯᠠᠬᠤ ᠶᠣᠰᠣᠲᠠᠢ ᠭᠡᠵᠦ ᠭᠡᠨᠡᠳᠲᠡ ᠫᠦᠷᠪᠦᠳᠣᠨᠣᠢ ᠮᠠᠷᠠᠮᠪᠠ ᠭᠠᠭᠴᠠᠭᠠᠷ ᠶᠠᠷᠢᠪᠠ᠃ ᠰᠠᠩᠵᠢ ᠭᠡᠰᠦᠯ ᠭᠠᠢᠬᠠᠵᠤ ᠥᠪᠡᠷ ᠲᠦ᠍ ᠨᠢ ᠬᠡᠯᠡᠵᠦ ᠪᠠᠶᠢᠭ᠎ᠠ ᠶᠤᠮ ᠭᠡᠵᠦ ᠪᠣᠳᠣᠭᠠᠳ ᠲᠣᠭᠲᠠᠭᠠᠵᠤ ᠠᠪᠤᠯ᠎ᠠ᠃
ᠫᠦᠷᠪᠦᠳᠣᠨᠣᠢ ᠮᠠᠷᠠᠮᠪᠠ ᠪᠤᠰᠤᠳ ᠢ᠋ ᠡᠮᠴᠢᠯᠡᠬᠦ ᠦᠶ᠎ᠡ ᠳ᠋ᠡᠭᠡᠨ ᠠᠨᠠᠭᠠᠬᠤ ᠤᠬᠠᠭᠠᠨ ᠤ᠋ ᠪᠠᠨ ᠡᠷᠳᠡᠮ ᠢ᠋ ᠰᠢᠯᠭᠠᠵᠤ᠂ ᠠᠮᠠᠨ ᠳ᠋ᠠᠭᠠᠨ ᠶᠤᠮ ᠤᠤ ᠶᠡᠷᠦ ᠨᠢ ᠴᠢᠩᠭ᠎ᠠ ᠳᠠᠭᠤ ᠪᠠᠷ ᠳᠠᠪᠲᠠᠨ ᠤᠩᠰᠢᠵᠤ ᠰᠤᠷᠴᠢᠬᠠᠭᠰᠠᠨ ᠬᠥᠮᠦᠨ ᠪᠠᠢᠵᠠᠢ᠃ ᠥᠪᠡᠷ ᠢ᠋ᠶ᠋ᠡᠨ ᠴᠦ᠍ ᠲᠡᠷᠡ ᠵᠠᠩᠰᠢᠯ ᠢ᠋ᠶ᠋ᠠᠨ ᠶᠡᠬᠡ ᠬᠡᠷᠡᠭᠲᠡᠢ ᠵᠥᠪ ᠶᠦᠮ ᠭᠡᠵᠦ ᠪᠣᠳᠣᠳᠠᠭ ᠪᠠᠢᠪᠠ᠃ ᠮᠠᠷᠲᠠᠭᠰᠠᠨ ᠢ᠋ᠶ᠋ᠠᠨ ᠦᠷᠭᠦᠯᠵᠢ ᠰᠠᠨᠠᠵᠤ ᠪᠠᠢᠬᠤ ᠳ᠋ᠤ᠌ ᠬᠡᠷᠡᠭᠲᠡᠢ᠃ ᠪᠠᠰᠠ ᠡᠪᠡᠳᠴᠢᠲᠡᠨ ᠨᠦᠭᠦᠳ ᠴᠦ᠍ ᠶᠠᠷᠢᠶ᠎ᠠ ᠶ᠋ᠢ ᠨᠢ ᠰᠣᠨᠣᠰᠤᠭᠠᠳ ᠲᠡᠭᠦᠨ ᠦ᠌ ᠶᠡᠬᠡ ᠡᠷᠳᠡᠮ ᠳ᠋ᠦ᠍ ᠰᠢᠲᠦᠨ ᠪᠢᠰᠢᠷᠡᠬᠦ ᠤᠴᠢᠷᠲᠠᠢ ᠵᠦᠢᠯ ᠭᠡᠵᠦ ᠲᠡᠷᠡ ᠪᠣᠳᠣᠳᠠᠭ ᠪᠠᠢᠵᠠᠢ᠃
ᠫᠦᠷᠪᠦᠳᠣᠨᠣᠢ ᠮᠠᠷᠠᠮᠪᠠ ᠰᠠᠩᠵᠢ ᠶᠢ ᠬᠡᠯᠡ ᠪᠡᠨ ᠭᠠᠷᠭ᠎ᠠ ᠭᠡᠵᠦ ᠲᠤᠰᠢᠶᠠᠭᠠᠳ᠂
– ᠬᠡᠯᠡ ᠨᠢ ᠴᠦ᠍ ᠵᠦᠭᠡᠷ ᠯᠡ ᠪᠠᠢᠨ᠎ᠠ᠃ ᠬᠣᠣᠷ ᠲᠠᠢ ᠶᠤᠮ ᠢᠳᠡᠭᠰᠡᠨ ᠪᠣᠯ ᠬᠠᠷ᠎ᠠ ᠬᠥᠬᠡ ᠪᠣᠯᠤᠭᠰᠠᠨ ᠪᠠᠢᠬᠤ ᠶᠣᠰᠣᠲᠠᠢ᠃ ᠢᠳᠡᠭᠰᠡᠨ ᠶᠠᠭᠤᠮᠠᠨ ᠠ᠋ᠴᠠ ᠪᠠᠨ ᠪᠣᠯᠤᠭ᠎ᠠ ᠦᠭᠡᠢ ᠪᠠᠢᠨ᠎ᠠ ᠭᠡᠪᠡ᠃
– ᠨᠢᠳᠦ ᠪᠡᠨ ᠨᠡᠭᠡᠭᠡᠵᠦ᠂ ᠪᠠᠷᠠᠭᠤᠨ ᠵᠡᠭᠦᠨ ᠢ᠋ᠶ᠋ᠡᠨ ᠡᠷᠭᠢᠯᠳᠦᠭᠦᠯᠦᠭᠲᠦᠨ ᠭᠡᠵᠦ ᠮᠠᠷᠠᠮᠪᠠ ᠱᠠᠭᠠᠷᠳᠠᠯ᠎ᠠ᠃ ᠰᠠᠩᠵᠢ ᠲᠡᠭᠦᠨ ᠦ᠌ ᠳᠤᠷ᠎ᠠ ᠶ᠋ᠢ ᠳᠠᠭᠠᠭᠤᠯᠤᠯᠠ᠃
– ᠨᠢᠳᠦ ᠨᠢ ᠴᠦ᠍ ᠪᠠᠰᠠ ᠯᠠ ᠵᠦᠭᠡᠷ ᠪᠠᠢᠨ᠎ᠠ᠃ ᠥᠩᠭᠡ ᠨᠢ ᠬᠡᠪ ᠢ᠋ᠶ᠋ᠡᠷ ᠢ᠋ᠶ᠋ᠡᠨ᠃ ᠨᠢᠭᠡ ᠴᠦ᠍ ᠰᠤᠳᠠᠰᠤ ᠤᠯᠠᠢᠭᠠ ᠦᠭᠡᠢ ᠪᠠᠢᠨ᠎ᠠ ᠭᠡᠪᠡ᠃
ᠳᠠᠬᠢᠨ ᠪᠠᠰᠠ ᠰᠤᠳᠠᠰᠤ ᠶ᠋ᠢ ᠨᠢ ᠪᠠᠷᠢᠵᠤ ᠦᠵᠡᠪᠡ᠃
– ᠳᠣᠯᠣᠭᠠᠨ ᠲᠠᠮᠢᠷ ᠴᠢᠨᠢ ᠳᠣᠣᠷᠠᠳᠠᠨ ᠰᠤᠯᠠᠳᠠᠵᠠᠢ᠃ ᠵᠠ ᠶᠠᠭᠠᠬᠢᠬᠤ ᠪᠣᠢ᠂ ᠥᠨᠥ ᠰᠥᠨᠢ ᠳ᠋ᠡᠭᠡᠨ ᠪᠢ ᠴᠢᠮ᠎ᠡ ᠳ᠋ᠦ᠍ ᠲᠤᠷᠰᠢᠵᠤ ᠨᠢᠭᠡ ᠶᠠᠭᠤᠮ᠎ᠠ ᠥᠭᠭᠦᠭᠡᠳ ᠦᠵᠡᠨ᠎ᠡ᠃ ᠴᠢ ᠡᠨᠳᠡ ᠪᠡᠨ ᠥᠭᠡᠷ᠎ᠡ ᠶᠠᠭᠤ ᠴᠤ᠌ ᠪᠣᠳᠣᠯ ᠦᠭᠡᠢ ᠬᠡᠪᠲᠡᠵᠦ ᠪᠠᠢ! ᠭᠡᠵᠦ ᠬᠡᠯᠡᠭᠡᠳ ᠮᠠᠷᠠᠮᠪᠠ ᠭᠠᠷᠴᠤ ᠣᠳᠴᠠᠢ᠃
《ᠳᠣᠯᠣᠭᠠᠨ ᠲᠠᠮᠢᠷ ᠳᠣᠣᠷᠠᠳᠠᠨᠠ ᠭᠡᠵᠦ ᠶᠠᠭᠤ ᠶ᠋ᠢ ᠬᠡᠯᠡᠭᠡᠳ ᠪᠠᠢᠭ᠎ᠠ ᠶᠤᠮ ᠪᠣᠯ ᠡ ? ᠬᠠᠮᠤᠭ ᠶᠠᠭᠤᠮ᠎ᠠ ᠮᠢᠨᠢ ᠮᠠᠭᠤᠳᠠᠨ ᠳᠣᠷᠣᠢᠲᠠᠭᠰᠠᠨ ᠬᠡᠷᠡᠭ ᠪᠠᠢᠬ᠎ᠠ ᠳ᠋ᠠ!》 ᠭᠡᠵᠦ ᠰᠠᠩᠵᠢ ᠭᠡᠰᠦᠯ ᠭᠡᠶᠦᠷᠡᠨ ᠪᠣᠳᠣᠵᠤ ᠪᠠᠢᠯ᠎ᠠ᠃ ᠬᠣᠳᠣᠭᠣᠳᠣ ᠨᠢ ᠪᠠᠵᠠᠯᠠᠨ᠂ ᠪᠡᠶ᠎ᠡ ᠨᠢ ᠲᠠᠮᠢᠷᠳᠠᠵᠤ ᠦᠶ᠎ᠡ ᠦᠶ᠎ᠡ ᠳᠠᠭᠤ ᠠᠯᠳᠠᠭᠤᠯᠵᠤ ᠪᠠᠢᠬᠤ ᠳ᠋ᠤ᠌ ᠳᠣᠯᠣᠭᠠᠨ ᠲᠠᠮᠢᠷ ᠭᠡᠳᠡᠭ ᠳᠣᠷᠣᠢᠲᠠᠭᠰᠠᠨ ᠨᠢ ᠦᠨᠡᠨ ᠪᠢᠵᠡ ᠳᠡ ᠭᠡᠵᠦ ᠲᠡᠷᠡ ᠢᠲᠡᠭᠡᠯ᠎ᠡ᠃ᠣᠷᠣᠢᠬᠠᠨ ᠮᠠᠷᠠᠮᠪᠠ ᠣᠷᠣᠵᠤ ᠢᠷᠡᠭᠡᠳ ᠲᠣᠮᠣ ᠪᠠᠭᠪᠤᠷ ᠲᠠᠢ ᠱᠥᠯᠥ ᠰᠢᠭ ᠶᠠᠭᠤᠮ᠎ᠠ ᠥᠭᠭᠦᠯ᠎ᠡ᠃
– ᠵᠠ ᠴᠢ ᠲᠣᠭᠠᠯᠠᠭᠠᠳ ᠪᠠᠯᠭᠤᠭᠠᠳ ᠪᠠᠢᠭᠠᠷᠠᠢ᠃ ᠶᠠᠭ ᠯᠠ ᠳᠥᠴᠢᠨ ᠬᠣᠶᠠᠷ ᠪᠠᠯᠭᠤᠭᠠᠳ ᠯᠠ ᠪᠣᠯᠢᠨ᠎ᠠ ᠰᠢᠦ ! ᠲᠡᠭᠦᠨ ᠡᠴᠡ ᠢᠯᠡᠭᠦᠦ ᠪᠠᠯᠭᠤᠵᠤ ᠪᠣᠯᠬᠤ ᠦᠭᠡᠢ ᠭᠡᠵᠦ ᠮᠠᠷᠠᠮᠪᠠ ᠵᠢᠭᠠᠪᠤᠷᠢᠯᠠᠪᠠ᠃ ᠨᠢᠯᠤᠭᠤᠨ ᠠᠮᠲᠠ ᠲᠠᠢ ᠱᠥᠯᠥ ᠰᠢᠭ ᠶᠠᠭᠤᠮ᠎ᠠ ᠪᠠᠢᠯ᠎ᠠ᠃ ᠰᠠᠩᠵᠢ ᠭᠡᠰᠦᠯ ᠲᠣᠭᠠᠯᠠᠨ ᠵᠠᠯᠭᠢᠯᠠᠵᠤ ᠡᠬᠢᠯᠡᠪᠡ᠃ᠪᠦᠯᠢᠶᠡᠬᠡᠨ ᠨᠢᠯᠤᠭᠤᠨ ᠱᠥᠯᠥ ᠲᠤᠯᠠ ᠪᠥᠭᠡᠯᠵᠢᠰᠦ ᠴᠢᠳᠬᠤᠵᠤ ᠪᠠᠢᠪᠠᠴᠤ ᠲᠡᠰᠦᠭᠡᠳ ᠯᠡ ᠪᠠᠯᠭᠤᠭᠠᠳ ᠪᠠᠢᠪᠠ᠃ ᠮᠠᠷᠠᠮᠪᠠ ᠪᠠᠰᠠ ᠡᠷᠬᠡ ᠪᠡᠷ ᠢᠮᠡᠷᠦᠨ ᠲᠣᠭᠠᠴᠠᠭᠠᠯᠠᠵᠤ ᠰᠠᠭᠤᠬᠤ ᠵᠠᠭᠤᠷ᠎ᠠ᠄
– ᠳᠥᠴᠢᠨ ᠬᠣᠶᠠᠷ ᠪᠠᠯᠭᠤ ᠶᠠᠭᠤᠮ᠎ᠠ ᠤᠤᠭᠤᠬᠤ ᠳ᠋ᠤ᠌ ᠬᠥᠮᠦᠨ ᠦ᠌ ᠬᠣᠳᠣᠭᠣᠳᠣ ᠭᠤᠷᠪᠠ ᠬᠤᠪᠢᠶᠠᠭᠰᠠᠨ ᠤ᠋ ᠬᠣᠶᠠᠷ ᠲᠠᠭᠠᠨ ᠬᠦᠷᠲᠡᠯ᠎ᠡ ᠳᠦᠭᠦᠷᠳᠡᠭ ᠶᠦᠮ᠃ ᠨᠥᠭᠥᠭᠡ ᠬᠣᠭᠣᠰᠣᠨ ᠵᠠᠢ ᠳ᠋ᠤ᠌ ᠨᠢ ᠰᠢᠩᠭᠡᠨ ᠬᠣᠯᠢᠯᠳᠤᠨ ᠪᠣᠯᠪᠠᠰᠤᠷᠠᠵᠤ ᠴᠢᠯᠥᠭᠡᠲᠡᠢ ᠡᠷᠭᠢᠯᠳᠦᠬᠦ ᠤᠴᠢᠷᠲᠠᠢ᠃ ᠲᠡᠭᠡᠭᠡᠳ ᠪᠡᠶ᠎ᠡ᠂ ᠠᠷᠠᠰᠤ᠂ ᠴᠢᠰᠤ᠂ ᠶᠠᠰᠤ᠂ ᠲᠠᠷᠢᠬᠢ᠂ᠬᠣᠳᠣᠭᠣᠳᠣ ᠶ᠋ᠢ ᠴᠢᠨᠢ ᠲᠡᠵᠢᠭᠡᠵᠦ ᠥᠭᠭᠦᠨ᠎ᠡ ᠭᠡᠵᠦ ᠶᠠᠷᠢᠵᠤ ᠪᠠᠢᠯ᠎ᠠ᠃ ᠰᠠᠩᠵᠢ ᠭᠡᠰᠦᠯ ᠲᠡᠭᠦᠨ ᠢ ᠪᠦᠳᠡᠭᠢᠬᠡᠨ ᠲᠣᠭᠲᠠᠭᠠᠵᠤ ᠠᠪᠤᠯ᠎ᠠ᠃ ᠶᠠᠭᠤᠮ᠎ᠠ ᠶ᠋ᠢ ᠨᠢᠭᠡ ᠯᠡ ᠰᠣᠨᠣᠰᠪᠠᠯ ᠪᠦᠷᠢᠨ ᠲᠣᠭᠲᠠᠭᠠᠳᠠᠭ ᠲᠡᠢᠮᠦ ᠰᠣᠨᠢᠨ ᠤᠬᠠᠭᠠᠨ ᠲᠠᠢ ᠪᠣᠯᠬᠣᠷ ᠭᠡᠰᠦᠯ ᠰᠠᠩᠵᠢ ᠠᠯᠢᠪᠠ ᠶᠠᠭᠤᠮ᠎ᠠ ᠶ᠋ᠢ ᠴᠡᠭᠡᠵᠢᠯᠡᠬᠦ ᠭᠡᠵᠦ ᠵᠣᠪᠠᠳᠠᠭ ᠦᠭᠡᠢ ᠪᠠᠢᠯ᠎ᠠ᠃
– ᠳᠥᠴᠢᠨ ᠬᠣᠶᠠᠷ ᠪᠣᠯᠤᠯ᠎ᠠ᠃ ᠣᠳᠣ ᠪᠣᠯᠢ᠂ ᠪᠠᠭᠪᠤᠷ ᠢ᠋ᠶ᠋ᠠᠨ ᠨᠡᠰᠢ ᠨᠢ ᠥᠭ ᠭᠡᠵᠦ ᠮᠠᠷᠠᠮᠪᠠ ᠬᠡᠯᠡᠬᠦ ᠳ᠋ᠦ᠍ ᠰᠠᠩᠵᠢ ᠨᠢᠯᠤᠭᠤᠨ ᠱᠥᠯᠦᠨ ᠡᠴᠡ ᠰᠠᠯᠵᠤ ᠰᠠᠶᠢ ᠠᠮᠤᠷᠪᠠ᠃
– ᠣᠳᠣ ᠤᠨᠲᠠ᠃ ᠮᠠᠷᠭᠠᠰᠢ ᠥᠷᠯᠥᠭᠡ ᠪᠠᠢᠳᠠᠯ ᠶᠠᠩᠵᠤ ᠨᠢ ᠮᠡᠳᠡᠭᠳᠡᠨ᠎ᠡ ᠭᠡᠵᠦ ᠬᠡᠯᠡᠭᠡᠳ ᠮᠠᠷᠠᠮᠪᠠ ᠶᠠᠪᠤᠪᠠ᠃
ᠮᠠᠷᠠᠮᠪᠠ ᠶ᠋ᠢᠨ ᠶᠠᠷᠢᠶ᠎ᠠ ᠰᠠᠩᠵᠢ ᠭᠡᠰᠦᠯ ᠦ᠋ᠨ ᠰᠣᠨᠢᠭᠤᠴᠢ ᠵᠠᠩ ᠢ᠋ ᠬᠥᠳᠡᠯᠭᠡᠪᠡ᠂《ᠣᠲᠠᠴᠢ ᠶᠢᠨ ᠤᠬᠠᠭᠠᠨ ᠢ᠋ ᠮᠡᠳᠡᠵᠦ ᠠᠪᠤᠪᠠᠯ ᠰᠣᠨᠢᠨ ᠶᠤᠮ ᠤᠤ ᠳᠠ᠃ ᠡᠨᠡ ᠮᠠᠷᠠᠮᠪᠠ ᠳ᠋ᠤ᠌ ᠭᠡᠷ ᠦ᠋ᠨ ᠱᠠᠪᠢ ᠣᠷᠣᠶ᠎ᠠ ᠪᠠᠢᠵᠠ》 ᠭᠡᠵᠦ ᠭᠡᠰᠦᠯ ᠪᠣᠳᠣᠵᠤ ᠪᠠᠢᠭᠠᠳ ᠡᠪᠡᠳᠴᠢᠨ᠂ ᠨᠣᠢᠷ ᠬᠣᠶᠠᠷ ᠲᠠᠭᠠᠨ ᠳᠡᠢᠯᠦᠭᠳᠡᠨ ᠵᠡᠭᠦᠷᠮᠡᠭᠯᠡᠵᠦ ᠡᠬᠢᠯᠡᠪᠡ᠃
᠁ ᠮᠠᠷᠭᠠᠰᠢ ᠥᠷᠯᠥᠭᠡ ᠭᠡᠰᠦᠯ ᠦ᠋ᠨ ᠪᠡᠶ᠎ᠡ ᠠᠷᠠᠢ ᠳᠡᠭᠡᠷᠡᠳᠡᠭᠡᠳ ᠪᠠᠢᠭ᠎ᠠ ᠨᠢ ᠮᠡᠳᠡᠭᠳᠡᠪᠡ᠂ ᠲᠡᠭᠦᠨ ᠦ᠌ ᠤᠬᠠᠭᠠᠨ ᠨᠢ ᠠᠷᠠᠢ ᠰᠠᠷᠠᠭᠤᠯ ᠪᠣᠯᠵᠠᠢ᠃ ᠭᠡᠪᠡᠴᠦ ᠡᠯᠢᠭᠡᠨ ᠲᠠᠯ᠎ᠠ ᠳ᠋ᠤ᠌ ᠨᠢ ᠡᠪᠬᠡᠷᠡᠨ ᠡᠪᠡᠳᠦᠭᠦᠯᠳᠡᠭ ᠬᠡᠪ ᠢ᠋ᠶ᠋ᠡᠷ ᠢ᠋ᠶ᠋ᠡᠨ ᠯᠡ ᠪᠠᠢᠯ᠎ᠠ᠃ ᠰᠠᠩᠵᠢ ᠶ᠋ᠢᠨ ᠨᠢᠳᠦ ᠠᠷᠠᠢ ᠳᠡᠭᠡᠷᠡᠳᠡᠨ ᠰᠡᠷᠭᠦᠭᠰᠡᠨ ᠢ᠋ ᠮᠠᠷᠠᠮᠪᠠ ᠫᠦᠷᠪᠦᠳᠣᠨᠣᠢ ᠦᠵᠡᠭᠡᠳ ᠰᠡᠳᠬᠢᠯ ᠨᠢ ᠤᠷᠮᠠᠰᠢᠵᠠᠢ᠃
– ᠠᠷᠠᠢ ᠳᠡᠭᠡᠷᠡᠳᠡᠭᠡ ᠦᠦ? ᠵᠠ ᠠᠯᠢᠪ ᠰᠤᠳᠠᠰᠤ ᠪᠠᠨ ᠥᠭ! ᠭᠡᠵᠦ ᠮᠠᠷᠠᠮᠪᠠ ᠠᠰᠠᠭᠤᠬᠤ ᠵᠠᠭᠤᠷ᠎ᠠ ᠭᠡᠰᠦᠯ ᠦ᠋ᠨ ᠰᠤᠳᠠᠰᠤ ᠶ᠋ᠢ ᠪᠠᠷᠢᠵᠤ ᠦᠵᠡᠭᠡᠳ ᠳᠤᠬᠤ ᠪᠠᠨ ᠦᠷᠴᠢᠢᠯᠭᠡᠵᠦ᠄
– ᠪᠠᠰᠠ ᠯᠠ ᠲᠡᠳᠦᠢ ᠰᠠᠢᠨ ᠪᠤᠰᠤ ᠪᠠᠢᠨ᠎ᠠ᠃ ᠶᠡᠷᠦ ᠨᠢ ᠴᠢᠮ᠎ᠠ ᠲᠠᠢ ᠬᠠᠮᠲᠤ ᠲᠥᠷᠥᠭᠰᠡᠨ ᠭᠤᠷᠪᠠᠨ ᠡᠪᠡᠳᠴᠢᠨ ᠦ ᠨᠢᠭᠡ ᠪᠣᠯᠤᠯᠲᠠᠢ᠃ ᠬᠥᠮᠦᠨ ᠲᠥᠷᠥᠬᠦ ᠳ᠋ᠡᠭᠡᠨ ᠭᠤᠷᠪᠠᠨ ᠡᠪᠡᠳᠴᠢᠨ ᠲᠡᠭᠡᠭᠡᠵᠦ ᠢᠷᠡᠳᠡᠭ ᠶᠦᠮ᠃ ᠯᠦᠨᠳ᠋ᠡᠭᠡ᠂ ᠪᠠᠳᠬᠠᠨ᠂ ᠰᠤᠮ ᠭᠡᠵᠦ᠃ ᠡᠨᠡ ᠴᠢᠨᠢ ᠬᠡᠢ᠂ ᠴᠢᠰᠤ᠂ ᠰᠢᠷ᠎ᠠ ᠤᠰᠤ ᠭᠤᠷᠪᠠ ᠶ᠋ᠢᠨ ᠡᠪᠡᠳᠴᠢᠨ᠃ ᠬᠡᠢ ᠶ᠋ᠢ ᠪᠣᠯ ᠳᠠᠷᠤᠭᠤᠯᠵᠤ ᠡᠮᠴᠢᠯᠡᠬᠦ ᠳ᠋ᠦ᠍ ᠡᠳᠡᠭᠡᠨ᠎ᠡ᠃ ᠰᠢᠷ᠎ᠠ ᠤᠰᠤ ᠶ᠋ᠢ ᠪᠣᠯ ᠪᠠᠷᠢᠵᠤ ᠡᠮᠴᠢᠯᠡᠵᠦ ᠪᠣᠯᠤᠨ᠎ᠠ᠃ ᠴᠢᠰᠤ ᠪᠣᠯ ᠬᠥᠮᠦᠨ ᠦ᠌ ᠪᠡᠶ᠎ᠡ ᠶ᠋ᠢ ᠪᠦᠷᠢᠳᠦᠭᠦᠯᠦᠭᠰᠡᠨ ᠦᠨᠳᠦᠰᠦᠨ ᠡᠰᠢ ᠲᠤᠯᠠ ᠲᠡᠢᠮᠦ ᠠᠮᠠᠷᠬᠠᠨ ᠦᠯᠦ ᠡᠳᠡᠭᠡᠷᠡᠨ᠎ᠡ᠃ ᠶᠡᠷᠦ ᠨᠢ ᠴᠢᠮ᠎ᠠ ᠳ᠋ᠤ᠌ ᠴᠢᠰᠤᠨ ᠤ᠋ ᠲᠥᠷᠥᠯ ᠡᠪᠡᠳᠴᠢᠨ ᠣᠷᠢᠶᠠᠵᠤ ᠪᠣᠢ ᠪᠣᠯᠤᠯᠲᠠᠢ᠃ ᠵᠠ ᠪᠢ ᠬᠤᠷᠠᠯ ᠨᠣᠮ ᠳ᠋ᠤ᠌ ᠶᠠᠪᠤᠵᠤ ᠢᠷᠡᠭᠡᠳ ᠨᠢᠭᠡ ᠰᠠᠢᠨ ᠦᠵᠡᠶ᠎ᠡ ᠳᠡ᠃ ᠴᠢ ᠲᠡᠷᠡ ᠨᠢᠭᠡ ᠬᠥᠲᠥᠪᠴᠢᠨ ᠳᠦ ᠵᠠᠪᠰᠠᠩ ᠢ᠋ ᠪᠡᠨ ᠠᠪᠤᠭᠠᠳ ᠲᠠᠯᠪᠢᠭᠰᠠᠨ ᠪᠠᠢᠭᠠᠷᠠᠢ᠃ ᠲᠡᠷᠡ ᠪᠣᠯᠲᠠᠯ᠎ᠠ ᠶᠠᠭᠤᠮ᠎ᠠ ᠬᠡᠯᠡᠨ ᠳᠡᠭᠡᠷ᠎ᠡ ᠪᠡᠨ ᠲᠠᠯᠪᠢᠵᠤ ᠪᠣᠯᠬᠤ ᠦᠭᠡᠢ ᠭᠡᠵᠦ ᠮᠠᠷᠠᠮᠪᠠ ᠵᠠᠬᠢᠪᠠ᠃
ᠭᠡᠰᠦᠯ ᠰᠠᠩᠵᠢ ᠶᠡᠬᠡ ᠦᠳᠡ ᠬᠦᠷᠲᠡᠯ᠎ᠡ ᠭᠠᠭᠴᠠᠭᠠᠷ ᠭᠡᠶᠦᠷᠡᠵᠦ ᠳᠡᠪᠡᠩ ᠳᠡᠯᠡᠬᠡᠢ ᠶ᠋ᠢᠨ ᠶᠠᠭᠤᠮ᠎ᠠ ᠪᠣᠳᠣᠯ᠎ᠠ᠃ ᠪᠤᠷᠬᠠᠨ ᠤ᠋ ᠣᠷᠣᠨ ᠲᠥᠪᠡᠳ ᠭᠠᠵᠠᠷ ᠲᠤ᠌ ᠶᠠᠭᠤᠮ᠎ᠠ ᠪᠦᠬᠦᠨ ᠤᠴᠢᠷᠲᠠᠢ᠂ ᠰᠦᠮ᠎ᠡ ᠪᠣᠯᠭᠠᠨ ᠬᠤᠲᠤᠭ ᠲᠠᠢ ᠭᠡᠵᠦ ᠨᠤᠲᠤᠭ ᠤ᠋ᠨ ᠬᠢᠨᠢ ᠯᠠᠮᠠ ᠨᠠᠷ ᠢᠲᠡᠭᠡᠳᠡᠭ᠂ ᠲᠡᠭᠡᠵᠦ ᠶᠠᠷᠢᠳᠠᠭ ᠢ᠋ ᠣᠯᠠᠨ ᠳᠠᠬᠢᠨ ᠰᠣᠨᠣᠰᠴᠠᠢ᠃ ᠣᠳᠣ ᠲᠡᠷᠡ ᠤᠴᠢᠷᠲᠠᠢ᠂ ᠬᠤᠲᠤᠭᠲᠠᠢ᠂ ᠠᠷᠢᠭᠤᠨ ᠶᠠᠭᠤᠮᠠᠰ ᠤ᠋ᠨ ᠬᠦᠷᠢᠶᠡᠯᠡᠯ ᠳᠤᠮᠳᠠ ᠭᠡᠰᠦᠯ ᠰᠠᠩᠵᠢ ᠠᠵᠤ ᠲᠥᠷᠦᠵᠦ ᠪᠠᠢᠨ᠎ᠠ᠃ ᠭᠡᠪᠡᠴᠦ ᠠᠮᠢ ᠨᠠᠰᠤ ᠪᠠᠨ ᠠᠯᠳᠠᠬᠤᠶᠠ ᠲᠡᠢᠮᠦ ᠴᠦ᠍ ᠬᠡᠴᠡᠭᠦᠦ ᠪᠢᠰᠢ ᠶᠦᠮ ᠰᠢᠭ ᠰᠠᠨᠠᠭᠳᠠᠪᠠ᠃ ᠵᠥᠪ ᠵᠦᠭᠡᠷ ᠪᠠᠢᠲᠠᠯ᠎ᠠ ᠬᠡᠪ ᠭᠡᠨᠡᠳᠲᠡ ᠡᠪᠡᠳᠴᠢᠨ ᠬᠦᠷᠦᠭᠰᠡᠨ᠃ ᠨᠡᠷᠡᠲᠡᠢ ᠲᠣᠮᠣ ᠭᠠᠪᠵᠤ ᠯᠥᠨᠳᠥᠭᠵᠦᠨᠡᠢ ᠥᠪᠡᠷ ᠢ᠋ᠶ᠋ᠡᠨ ᠭᠦᠷᠢᠮ ᠪᠠᠭᠤᠯᠭᠠᠵᠤ᠂ ᠮᠡᠩᠭᠡᠨ ᠵᠠᠰᠠᠯ ᠬᠢᠭᠰᠡᠨ᠃ ᠳᠠᠷᠠᠭ᠎ᠠ ᠨᠢ ᠵᠣᠯᠢᠭ ᠭᠠᠷᠭᠠᠵᠤ᠂ ᠰᠦᠨᠡᠰᠦ ᠳᠠᠭᠤᠳᠠᠭᠰᠠᠨ᠃ ᠲᠡᠭᠡᠭᠡᠳ ᠲᠤᠰᠠ ᠪᠣᠯᠤᠭ᠎ᠠ ᠦᠭᠡᠢ᠃ ᠣᠳᠣ ᠡᠨᠡ ᠮᠠᠷᠠᠮᠪᠠ ᠪᠠᠰᠠ ᠯᠠ ᠭᠠᠪᠢᠲᠠᠢ ᠰᠠᠢᠨ ᠦᠷ᠎ᠡ ᠳ᠋ᠦ᠋ᠩ ᠳ᠋ᠦ᠍ ᠬᠦᠷᠭᠡᠵᠦ ᠴᠢᠳᠠᠯ ᠦᠭᠡᠢ ᠲᠥᠷᠥᠯ ᠠᠷᠠᠯᠵᠢᠪᠠᠯ ᠶᠠᠭᠤᠲᠠᠢ ᠬᠡᠴᠡᠭᠦᠦ ᠪᠢᠯᠡ ᠭᠡᠬᠦᠴᠢᠯᠡᠨ ᠲᠦᠮᠡᠨ ᠪᠣᠳᠣᠯ ᠳ᠋ᠤ᠌ ᠲᠡᠷᠡ ᠡᠵᠡᠯᠡᠭᠳᠡᠵᠡᠢ᠃
᠁ ᠦᠳᠡ ᠳᠤᠮᠳᠠ ᠶ᠋ᠢᠨ ᠦᠶ᠎ᠡ ᠳ᠋ᠦ᠍ ᠮᠠᠷᠠᠮᠪᠠ ᠢᠷᠡᠪᠡ᠃ ᠲᠡᠷᠡ ᠵᠠᠮᠫᠣᠷ ᠲᠠᠢ ᠵᠠᠮᠪᠠᠭ᠎ᠠ ᠭᠤᠯᠢᠷ᠂ ᠪᠣᠢᠫᠣᠷ ᠲᠠᠢ ᠰᠠᠩ ᠤ᠋ᠨ ᠠᠷᠴᠠ ᠬᠣᠶᠠᠷ ᠠᠪᠴᠢᠷᠠᠵᠠᠢ᠃ ᠵᠠᠮᠪᠠᠭ᠎ᠠ ᠶ᠋ᠢ ᠢᠳᠡᠵᠦ᠂ ᠪᠣᠢᠫᠣᠷ ᠲᠤ᠌ ᠠᠷᠴᠠ ᠤᠩᠭᠤᠳᠬᠠᠬᠤ ᠠᠵᠢ᠃
– ᠵᠠᠮᠪᠠᠭ᠎ᠠ ᠭᠤᠯᠢᠷ ᠢᠳᠡᠭᠡᠳ ᠦᠵᠡ᠃ ᠲᠡᠭᠡᠭᠡᠳ ᠪᠠᠢᠳᠠᠯ ᠢ᠋ ᠴᠢᠨᠢ ᠬᠠᠷᠠᠶ᠎ᠠ ᠭᠡᠵᠦ ᠮᠠᠷᠠᠮᠪᠠ ᠵᠠᠮᠫᠣᠷ ᠲᠠᠢ ᠭᠤᠯᠢᠷ᠂ ᠠᠶᠠᠭ᠎ᠠ ᠲᠠᠢ ᠳᠥᠬᠥᠭᠦᠯᠵᠦ ᠥᠭᠭᠦᠭᠡᠳ ᠥᠪᠡᠷ ᠢ᠋ᠶ᠋ᠠᠨ ᠡᠪᠡᠳᠴᠢᠲᠡᠨ ᠦ᠌ ᠵᠠᠪᠰᠠᠩ ᠢ ᠰᠢᠨᠵᠢᠬᠦ ᠪᠡᠷ ᠰᠠᠭᠤᠯ᠎ᠠ᠃ ᠳᠣᠯᠣᠭᠠᠨ ᠲᠠᠮᠢᠷ ᠳᠣᠷᠣᠢᠲᠠᠬᠤ ᠳ᠋ᠤ᠌ ᠶᠠᠭᠤ ᠨᠥᠯᠥᠭᠡᠯᠡᠳᠡᠭ ᠢ ᠮᠠᠷᠠᠮᠪᠠ ᠡᠷᠭᠢᠴᠡᠭᠦᠯᠦᠨ ᠪᠣᠳᠣᠯ᠎ᠠ᠃
– ᠲᠥᠷᠥᠯᠬᠢ ᠶ᠋ᠢᠨ ᠭᠤᠷᠪᠠᠨ ᠡᠪᠡᠳᠴᠢᠨ ᠡᠴᠡ ᠥᠭᠡᠷ᠎ᠡ ᠨᠡᠮᠡᠭᠦᠦ ᠶᠠᠭᠤᠮ᠎ᠠ ᠪᠠᠢᠬᠤ ᠰᠢᠭ᠋ ᠪᠣᠢ ᠳᠠ᠃ ᠵᠠ ᠪᠠᠢᠵᠠ᠂ ᠳᠥᠷᠪᠡᠨ ᠵᠠᠭᠤᠨ ᠳᠥᠷᠪᠡᠨ ᠦᠨᠳᠦᠰᠦᠨ ᠡᠪᠡᠳᠴᠢᠨ ᠪᠣᠢ᠃ ᠮᠢᠩᠭ᠎ᠠ ᠬᠣᠶᠠᠷ ᠵᠠᠭᠤᠨ ᠲᠠᠪᠢᠨ ᠳᠠᠢᠪᠤᠷᠢ ᠡᠪᠡᠳᠴᠢᠨ ᠪᠣᠢ᠃ ᠲᠡᠳᠡᠨ ᠦ᠌ ᠠᠯᠢ ᠨᠢ ᠪᠠᠢᠵᠤ ᠲᠠᠭᠠᠷᠬᠤ ᠪᠣᠢ? ᠭᠡᠵᠦ ᠮᠠᠷᠠᠮᠪᠠ ᠥᠪᠡᠷᠲᠡᠭᠡᠨ ᠶᠠᠷᠢᠵᠤ ᠪᠠᠶᠢᠯ᠎ᠠ ᠪᠠᠢᠯ᠎ᠠ᠃ ᠰᠠᠩᠵᠢ ᠭᠡᠰᠦᠯ ᠲᠡᠷᠡ ᠦᠭᠡ ᠶ᠋ᠢ ᠮᠥᠨ ᠯᠡ ᠲᠣᠭᠲᠠᠭᠠᠵᠤ ᠠᠪᠤᠯ᠎ᠠ᠃ ᠰᠣᠨᠣᠰᠤᠭᠰᠠᠨ ᠪᠣᠯᠭᠠᠨ ᠡᠷᠳᠡᠮ ᠭᠡᠵᠦ ᠲᠡᠷᠡ ᠪᠣᠳᠣᠳᠠᠭ ᠶᠤᠮ᠃
– ᠵᠠ ᠪᠠᠢᠵᠠ᠃ ᠲᠡᠷᠡ ᠣᠯᠠᠨ ᠡᠪᠡᠳᠴᠢᠨ᠂ ᠡᠮᠭᠡᠭ ᠳᠣᠲᠣᠷ᠎ᠠ ᠠ᠋ᠴᠠ ᠨᠢᠭᠡᠨ ᠵᠠᠭᠤᠨ ᠨᠢᠭᠡᠨ ᠡᠪᠡᠳᠴᠢᠨ ᠴᠢᠳᠬᠥᠷ ᠰᠢᠮᠨᠤ ᠶ᠋ᠢᠨ ᠬᠣᠣᠷᠯᠠᠯ ᠠ᠋ᠴᠠ ᠡᠭᠦᠰᠳᠡᠭ᠃ ᠰᠡᠳᠬᠢᠯ ᠢ᠋ᠶ᠋ᠡᠷ ᠲᠡᠷᠡ ᠵᠠᠰᠠᠷᠠᠬᠤ ᠶᠣᠰᠣᠲᠠᠢ᠃ ᠭᠡᠲᠡᠯ᠎ᠡ ᠡᠨᠡ ᠬᠤᠸᠠᠷᠠᠭ ᠲᠤ᠌ ᠭᠦᠷᠢᠮ ᠤᠩᠰᠢᠵᠤ ᠮᠡᠩᠭᠡᠨ ᠵᠠᠰᠠᠯ᠂ ᠰᠦᠨᠡᠰᠦ ᠳᠠᠭᠤᠳᠠᠬᠤ ᠬᠦᠷᠲᠡᠯ᠎ᠡ ᠵᠠᠩ ᠦᠢᠯᠡ ᠬᠢᠭᠰᠡᠨ ᠭᠡᠰᠡᠨ᠃ ᠲᠡᠷᠡ ᠲᠤᠰᠠ ᠪᠣᠯᠤᠭ᠎ᠠ ᠦᠭᠡᠢ᠃ ᠲᠡᠭᠡᠬᠦᠯᠡᠷ ᠴᠢᠳᠬᠥᠷ ᠦ᠋ᠨ ᠬᠣᠣᠷᠯᠠᠯ ᠪᠢᠰᠢ ᠪᠠᠢᠵᠠᠢ᠃ ᠨᠢᠭᠡᠨ ᠵᠠᠭᠤᠨ ᠨᠢᠭᠡᠨ ᠡᠪᠡᠳᠴᠢᠨ ᠢ᠋ ᠬᠣᠭᠣᠯᠠ ᠪᠠᠷ ᠵᠠᠰᠠᠯ ᠬᠢᠵᠦ ᠡᠳᠡᠭᠡᠭᠡᠨ᠎ᠡ᠃ ᠡᠨᠡ ᠬᠤᠸᠠᠷᠠᠭ ᠨᠤᠮᠨᠡᠢ ᠰᠠᠬᠢᠭᠰᠠᠨ ᠪᠣᠯᠬᠣᠷ ᠬᠣᠭᠣᠯᠠᠨ ᠵᠠᠰᠠᠯ ᠶᠠᠭᠤᠨ ᠤ᠋ ᠬᠡᠷᠡᠭ᠃ ᠨᠢᠭᠡᠨ ᠵᠠᠭᠤᠨ ᠨᠢᠭᠡᠨ ᠡᠪᠡᠳᠴᠢᠨ ᡀᠠᠩᠲ᠋ᠠᠪᠴᠢᠮᠪᠠ ᠶ᠋ᠢᠨ ᠬᠦᠴᠦᠨ ᠳ᠋ᠦ᠍ ᠡᠳᠡᠭᠡᠷᠡᠳᠡᠭ ᠪᠣᠢ᠃ ᠵᠠ ᠲᠡᠷᠡ ᠯᠠ ᠠᠩᠵᠠᠭᠠᠨ ᠳᠤ ᠣᠷᠣᠯᠳᠤᠪᠠᠯ ᠶᠠᠮᠠᠷ ᠪᠣᠢ? ᠭᠡᠵᠦ ᠮᠠᠷᠠᠮᠪᠠ ᠥᠪᠡᠷ ᠢ᠋ᠶ᠋ᠡᠨ ᠥᠪᠡᠷᠲᠡᠭᠡᠨ ᠶᠠᠷᠢᠵᠤ ᠪᠠᠢᠭᠰᠠᠨ ᠢ᠋ᠶ᠋ᠠᠨ᠄
– ᠴᠢᠨᠦ ᠶᠠᠭ ᠬᠠᠮᠢᠭ᠎ᠠ ᠡᠪᠡᠳᠦᠭᠡᠳ ᠪᠠᠢᠨ᠎ᠠ? ᠭᠡᠵᠦ ᠠᠰᠠᠭᠤᠯ᠎ᠠ᠃ ᠰᠠᠩᠵᠢ ᠭᠡᠳᠡᠰᠦᠨ ᠲᠤᠰᠢᠶ᠎ᠠ ᠪᠠᠨ ᠵᠢᠭᠠᠵᠤ᠄
– ᠡᠨᠡ ᠬᠠᠪᠢ ᠳ᠋ᠤ᠌ ᠪᠠᠵᠠᠯᠠᠳᠠᠭ ᠭᠡᠪᠡ᠃
– ᠠ ᠲᠡᠭᠡᠵᠦ ᠲᠠᠭᠠᠷᠠᠨ᠎ᠠ᠃ ᠭᠤᠷᠪᠠᠨ ᠬᠦᠷᠳᠦᠨ ᠦ᠌ ᠳᠤᠮᠳᠠᠬᠢ ᠪᠠᠢᠵᠤ ᠳᠠ? ᠭᠡᠵᠦ ᠮᠠᠷᠠᠮᠪᠠ ᠨᠤᠬᠤᠴᠠᠲᠠᠢᠬᠠᠨ ᠶᠠᠷᠢᠭᠰᠠᠨ ᠢ᠋ᠶ᠋ᠠᠨ᠂ ᠪᠣᠰᠴᠤ ᠢᠷᠡᠭᠡᠳ ᠰᠠᠩᠵᠢ ᠭᠡᠰᠦᠯ ᠦ᠋ᠨ ᠬᠣᠳᠣᠭᠣᠳᠣᠨ ᠲᠤᠰᠢᠶ᠎ᠠ ᠳᠠᠷᠤᠵᠤ ᠦᠵᠡᠭᠡᠳ᠄
– ᠡᠪᠡᠳᠴᠦ ᠪᠠᠢᠨ᠎ᠠ ᠤᠤ?ᠭᠡᠪᠡ᠃
– ᠦᠭᠡᠢ᠃ ᠳᠣᠲᠣᠷ᠎ᠠ ᠪᠠᠨ ᠯᠠ ᠪᠠᠢᠬᠤ ᠰᠢᠭ᠋ ᠪᠠᠢᠨ᠎ᠠ᠃
– ᠠ ᠲᠡᠢᠮᠦ ᠤᠤ? ᠳᠤᠮᠳᠠ ᠬᠢᠷᠢ ᠳ᠋ᠦ᠍ ᠪᠠᠢᠵᠤ ᠮᠡᠳᠡᠨ᠎ᠡ᠃
– ᠭᠤᠷᠪᠠᠨ ᠬᠦᠷᠳᠦ ᠭᠡᠵᠦ ᠶᠠᠭᠤ ᠶ᠋ᠢ ᠬᠡᠯᠡᠨ᠎ᠡ ᠪᠣᠢ?
– ᠬᠥᠮᠦᠨ ᠦ᠌ ᠪᠡᠶ᠎ᠡ ᠳ᠋ᠦ᠍ ᠭᠤᠷᠪᠠᠨ ᠬᠦᠷᠳ᠋ᠦ ᠡᠷᠭᠢᠵᠦ ᠪᠠᠢᠳᠠᠭ᠃ ᠡᠬᠢᠨ ᠦ᠌ ᠬᠦᠷᠳ᠋ᠦ ᠬᠣᠭᠣᠯᠠᠢ ᠡᠴᠡ ᠳᠡᠭᠡᠭᠰᠢ᠂ ᠳᠤᠮᠳᠠ ᠬᠦᠷᠳ᠋ᠦ ᠭᠡᠳᠡᠰᠦ ᠬᠣᠳᠣᠭᠣᠳᠣ ᠬᠦᠢᠰᠦ ᠣᠷᠴᠢᠮ᠂ ᠳᠤᠤᠷᠠᠳᠤ ᠬᠦᠷᠳᠦ ᠲᠡᠭᠦᠨ ᠡᠴᠡ ᠳᠣᠲᠣᠭᠰᠢ ᠡᠷᠭᠢᠯᠳᠦᠵᠦ ᠪᠠᠢᠳᠠᠭ᠃ ᠭᠤᠷᠪᠠᠨ ᠵᠠᠭᠤᠨ ᠵᠢᠷᠠᠨ ᠬᠠᠭᠤᠷᠠᠢ ᠪᠣᠯᠤᠭᠠᠳ ᠴᠢᠰᠤᠨ ᠰᠤᠳᠠᠰᠤ ᠡᠨᠡ ᠭᠤᠷᠪᠠᠨ ᠬᠦᠷᠳᠦᠨ ᠳ᠋ᠦ᠍ ᠵᠠᠩᠭᠢᠯᠠᠭᠳᠠᠭᠰᠠᠨ ᠪᠠᠢᠳᠠᠭ ᠶᠤᠮ᠃ ᠪᠠᠰᠠ ᠭᠣᠣᠯ ᠴᠢᠰᠤ ᠵᠥᠭᠡᠭᠡᠭᠴᠢ ᠠᠷᠪᠠᠨ ᠬᠣᠶᠠᠷ ᠰᠤᠳᠠᠰᠤ ᠪᠣᠢ᠃ ᠲᠡᠷᠡ ᠭᠤᠷᠪᠠᠨ ᠬᠦᠷᠳᠦᠨ ᠦ᠌ ᠠᠯᠢ ᠨᠢᠭᠡ ᠨᠢ ᠵᠣᠭᠰᠣᠪᠠᠯ ᠡᠪᠡᠳᠴᠢᠨ ᠬᠦᠷᠦᠨ᠎ᠡ᠃ ᠡᠳᠡᠭᠡᠬᠦ ᠳ᠋ᠦ᠍ ᠪᠠᠰᠠ ᠪᠡᠷᠬᠡ᠃ ᠶᠡᠷᠦ ᠨᠢ ᠬᠡᠵᠢᠶ᠎ᠡ ᠴᠦ᠍᠂ ᠶᠠᠭᠠᠬᠢᠪᠠᠴᠤ ᠡᠳᠡᠭᠡᠷᠡᠰᠢ ᠦᠭᠡᠢ ᠡᠪᠡᠳᠴᠢᠨ ᠨᠢᠭᠡᠨ ᠵᠠᠭᠤᠨ ᠨᠢᠭᠡ ᠪᠤᠢ ᠭᠡᠳᠡᠭ᠃ ᠴᠢᠮ᠎ᠠ ᠳ᠋ᠤ᠌ ᠡᠢᠮᠦ ᠵᠠᠯᠠᠭᠤ ᠬᠥᠮᠦᠨ ᠳ᠋ᠦ᠍ ᠡᠳᠡᠭᠡᠷᠡᠰᠢ ᠦᠭᠡᠢ ᠵᠠᠭᠤᠨ ᠨᠡᠷ᠎ᠡ ᠶ᠋ᠢᠨ ᠠᠯᠢ ᠨᠢᠭᠡ ᠲᠤᠰᠤᠭᠰᠠᠨ ᠪᠠᠢᠵᠤ ᠶᠠᠭᠠᠬᠢᠪᠠᠴᠤ ᠲᠠᠭᠠᠷᠠᠬᠤ ᠦᠭᠡᠢ ᠭᠡᠵᠦ ᠮᠠᠷᠠᠮᠪᠠ ᠶᠠᠷᠢᠯ᠎ᠠ᠃ ᠲᠡᠭᠡᠭᠡᠳ ᠰᠠᠩᠵᠢ ᠭᠡᠰᠦᠯ ᠦᠨ ᠬᠦᠢᠰᠦᠨ ᠳᠡᠭᠡᠷ᠎ᠡ ᠳᠠᠷᠤᠵᠤ᠂ ᠠᠯᠠᠭ᠎ᠠ ᠪᠠᠨ ᠡᠷᠭᠢᠭᠦᠯᠦᠨ ᠢᠯᠠᠵᠤ ᠬᠡᠰᠡᠭ ᠴᠢᠩᠨᠠᠯ᠎ᠠ᠃ ᠰᠠᠩᠵᠢ ᠳ᠋ᠤ᠌ ᠶᠠᠭᠤ ᠴᠦ᠍ ᠮᠡᠳᠡᠷᠡᠭᠳᠡᠭᠰᠡᠨ ᠦᠭᠡᠢ᠃
– ᠵᠠ ᠶᠠᠮᠠᠷ ᠴᠤ᠌ ᠪᠠᠢᠭᠰᠠᠨ ᠳᠤᠮᠳᠠ ᠬᠦᠷᠳᠦᠨ ᠦ᠌ ᠬᠠᠪᠢ ᠳ᠋ᠤ᠌ ᠭᠠᠵᠢᠭ ᠭᠠᠷᠴᠢᠬᠠᠭᠰᠠᠨ ᠪᠣᠯᠤᠯᠲᠠᠢ᠃ ᠬᠦᠴᠦ ᠪᠡᠷ ᠢᠳᠡᠭᠴᠢ ᠶ᠋ᠢᠨ ᠲᠥᠷᠥᠯ ᠦ᠋ᠨ ᠬᠡᠳᠦᠨ ᠲᠤᠩ ᠡᠮ ᠥᠭᠭᠦᠭᠡᠳ ᠦᠵᠡᠶ᠎ᠡ᠃ ᠲᠡᠷᠡ ᠬᠦᠷᠳ᠋ᠦ ᠰᠤᠯᠠᠷᠠᠭᠰᠠᠨ ᠪᠣᠯ ᠠᠶᠠᠨᠳᠠᠭᠠᠨ ᠬᠥᠯᠥᠰᠥ ᠴᠢᠨᠢ ᠴᠢᠬᠠᠷᠠᠵᠤ ᠪᠡᠷᠬᠡ ᠪᠣᠯᠤᠨ᠎ᠠ᠃ ᠲᠡᠷᠡ ᠭᠦᠷᠳ᠋ᠦ ᠶᠡᠷᠦ ᠶ᠋ᠢᠨ ᠪᠠᠢᠭ᠎ᠠ ᠪᠣᠯ ᠶᠠᠭᠤ ᠴᠤ᠌ ᠮᠡᠳᠡᠭᠳᠡᠬᠦ ᠦᠭᠡᠢ ᠭᠡᠵᠦ ᠫᠦᠷᠪᠦᠳᠣᠨᠣᠢ ᠮᠠᠷᠠᠮᠪᠠ ᠢᠳᠬᠠᠨ ᠶᠠᠷᠢᠭᠰᠠᠨ ᠢ᠋ᠶ᠋ᠠᠨ ᠮᠠᠩᠬᠠᠭ ᠢᠶᠠᠨ ᠠᠭᠤᠳᠠᠯᠠᠵᠤ ᠪᠣᠷᠣ ᠴᠠᠭᠠᠰᠤᠨ ᠳ᠋ᠤ᠌ ᠪᠣᠭᠣᠳᠠᠯ ᠲᠠᠢ ᠶᠠᠭᠤᠮ᠎ᠠ ᠭᠠᠷᠭᠠᠵᠤ ᠢᠷᠡᠭᠡᠳ ᠲᠤᠩ ᠤ᠋ᠨ ᠬᠠᠯᠪᠠᠭ᠎ᠠ ᠪᠠᠷ ᠨᠢᠭᠡ ᠬᠣᠶᠠᠷ ᠬᠤᠳᠬᠤᠨ ᠠᠶᠠᠭᠠᠨ ᠳ᠋ᠤ᠌ ᠬᠢᠵᠦ᠂ ᠱᠥᠯᠥ ᠪᠡᠷ ᠳᠠᠷᠤᠭᠤᠯᠵᠤ ᠤᠤᠭᠤᠬᠤ ᠶ᠋ᠢ ᠵᠢᠭᠠᠪᠤᠷᠢᠯᠠᠪᠠ᠃
ᠮᠠᠷᠠᠮᠪᠠ ᠡᠮ ᠢᠶᠡᠨ ᠤᠤᠭᠤᠯᠭᠠᠵᠤ ᠬᠣᠢᠨ᠎ᠠ ᠠ᠋ᠴᠠ ᠨᠢ ᠱᠥᠯᠥ ᠪᠡᠷ ᠳᠠᠷᠤᠭᠤᠯᠪᠠ᠃ ᠥᠴᠥᠭᠡᠳᠦᠷ ᠦᠨ ᠬᠣᠭᠣᠯᠠᠨ ᠤ᠋ ᠱᠥᠯᠥ ᠲᠤᠯᠠ ᠪᠠᠭᠠᠬᠠᠨ ᠬᠠᠯᠠᠭᠠᠵᠤ ᠥᠭᠪᠡ᠃
– ᠥᠨᠥ ᠰᠥᠨᠢ ᠳ᠋ᠡᠭᠡᠨ ᠪᠠᠢᠴᠠ ᠶ᠋ᠢ ᠨᠢ ᠬᠠᠷᠠᠶ᠎ᠠ᠃ ᠮᠠᠷᠭᠠᠰᠢ ᠶᠠᠭᠤ ᠪᠣᠯᠬᠤ ᠶ᠋ᠢ ᠦᠵᠡᠶ᠎ᠡ᠃ ᠲᠡᠷᠡ ᠲᠠᠢ ᠲᠡᠷᠡ ᠦᠭᠡᠢ ᠰᠡᠭᠦᠯᠴᠢ ᠶ᠋ᠢᠨ ᠨᠠᠢᠳᠠᠯᠭ᠎ᠠ ᠬᠠᠢᠵᠤ ᠪᠠᠢᠬᠤ ᠳ᠋ᠤ᠌ ᠶᠠᠭᠠᠷᠠᠬᠤ ᠶᠠᠭᠤ ᠪᠠᠢᠨ᠎ᠠ ᠭᠡᠵᠦ ᠮᠠᠷᠠᠮᠪᠠ ᠬᠡᠯᠡᠭᠡᠳ ᠪᠣᠰᠴᠤ ᠶᠠᠪᠤᠪᠠ᠃ ᠳᠠᠬᠢᠭᠠᠳ ᠯᠠ ᠰᠠᠩᠵᠢ ᠭᠡᠰᠦᠯ ᠬᠤᠪᠢ ᠲᠠᠪᠢᠯᠠᠩ ᠤ᠋ᠨ ᠢ᠋ᠶ᠋ᠠᠨ ᠬᠠᠷᠠᠩᠭᠤᠢ ᠠᠯᠤᠰ ᠢ᠋ ᠰᠢᠷᠲᠡᠨ ᠭᠠᠪ ᠭᠠᠭᠴᠠᠭᠠᠷ ᠦᠯᠡᠳᠡᠪᠡ᠃ ᠠᠯᠤᠰ ᠬᠣᠯᠠ ᠶ᠋ᠢᠨ ᠰᠦᠷᠯᠢᠭ ᠠᠭᠤᠯᠠᠰ᠂ ᠲᠥᠷᠥᠭᠰᠡᠨ ᠨᠤᠲᠤᠭ ᠬᠠᠷ᠎ᠠ ᠠᠵᠢᠷᠭ᠎ᠠ ᠶᠢᠨ ᠨᠢᠷᠤᠭᠤ ᠰᠦᠨᠳᠡᠷᠯᠡᠨ ᠴᠡᠩᠬᠡᠷᠯᠡᠵᠦ ᠳᠠᠭᠤᠳᠠᠨ ᠳᠠᠯᠠᠯᠬᠤ ᠰᠢᠭ᠋ ᠪᠣᠯᠵᠤ ᠨᠢᠯᠪᠤᠰᠤ ᠨᠢ ᠪᠥᠮᠪᠥᠷᠢᠯ᠎ᠡ᠃
᠁ ᠮᠠᠷᠭᠠᠰᠢ ᠨᠢ ᠮᠠᠷᠠᠮᠪᠠ ᠳᠠᠬᠢᠭᠠᠳ ᠯᠠ ᠢᠷᠡᠵᠦ ᠰᠤᠳᠠᠰᠤ ᠪᠠᠷᠢᠪᠠ᠃ ᠳᠠᠬᠢᠭᠠᠳ ᠯᠠ᠄
– ᠺᠠᠢᠪ ᠵᠤᠨᠠᠢ ᠶ᠋ᠢᠨ ᠲᠠᠶᠢᠭ ᠲᠤ᠌ ᠰᠤᠳᠠᠰᠤᠨ ᠤ᠋ ᠴᠣᠬᠢᠯᠲᠠ ᠲᠠᠪᠢᠨ ᠨᠠᠢ᠍ᠮᠠᠨ ᠶᠠᠩᠵᠤ ᠭᠡᠰᠡᠨ ᠪᠢᠯᠡ᠃ ᠬᠥᠮᠦᠨ ᠦ᠌ ᠨᠢᠭᠡᠨ ᠠᠮᠢᠰᠬᠤᠭᠠᠨ ᠤ᠋ ᠬᠣᠭᠣᠷᠣᠨᠳᠣ ᠲᠠᠪᠤᠨ ᠤᠳᠠᠭ᠎ᠠ ᠰᠤᠳᠠᠰᠤ ᠯᠤᠭᠰᠢᠨ᠎ᠠ ᠭᠡᠳᠡᠭ ᠪᠢᠯᠡ ᠭᠡᠵᠦ ᠲᠡᠷᠡ ᠠᠮᠠᠨ ᠳ᠋ᠠᠭᠠᠨ ᠶᠠᠷᠢᠪᠠ᠃《ᠴᠢᠰᠤ ᠰᠡᠯᠭᠦᠬᠦ ᠪᠣᠯᠤᠨ ᠬᠠᠭᠤᠷᠠᠢ ᠰᠤᠳᠠᠰᠤ ᠭᠤᠷᠪᠠᠨ ᠵᠠᠭᠤᠨ ᠵᠢᠷᠠ ᠪᠢᠯᠡ᠃ ᠲᠡᠭᠦᠨ ᠡᠴᠡ ᠠᠯᠢᠨ ᠳ᠋ᠤ᠌ ᠨᠢ ᠵᠡᠳᠬᠡᠷ ᠣᠷᠣᠵᠤ ᠪᠣᠢ》 ᠭᠡᠵᠦ ᠲᠡᠷᠡ ᠪᠠᠰᠠ ᠳᠣᠲᠣᠷ᠎ᠠ ᠪᠠᠨ ᠪᠣᠳᠣᠯ᠎ᠠ᠃《ᠬᠡᠷᠪᠡ ᠡᠨᠡ ᠮᠠᠷᠠᠮᠪᠠ ᠳ᠋ᠤ᠌ ᠨᠢᠭᠡ ᠰᠠᠷ᠎ᠠ ᠣᠷᠴᠢᠮ ᠬᠤᠭᠤᠴᠠᠭ᠎ᠠ ᠪᠠᠷ ᠠᠨᠠᠭᠠᠯᠭᠠᠪᠠᠯ ᠣᠲᠠᠴᠢ ᠶ᠋ᠢᠨ ᠤᠬᠠᠭᠠᠨ ᠰᠤᠷᠴᠤ ᠪᠣᠯᠬᠤ ᠶᠤᠮ ᠪᠠᠢᠨ᠎ᠠ᠃ ᠳᠠᠩᠴᠤ ᠪᠡᠶ᠎ᠡ ᠮᠠᠭᠤᠳᠠᠭᠠᠳ ᠭᠣᠷᠢ ᠦᠭᠡᠢ 》ᠭᠡᠵᠦ ᠭᠡᠰᠦᠯ ᠪᠣᠳᠣᠯ᠎ᠠ᠃
– ᠵᠠ᠂ ᠬᠦ᠌ ᠴᠢᠨᠦ ᠲᠠᠪᠤᠨ ᠴᠤᠯᠤ ᠶ᠋ᠢᠨ ᠨᠢᠭᠡᠨ ᠨᠢ ᠰᠤᠯᠠᠳᠠᠭᠰᠠᠨ ᠶᠤᠮ ᠪᠣᠯᠪᠠ ᠤᠤ ᠳᠠ᠃ ᠲᠡᠢᠮᠦ ᠠᠪᠠᠰᠤ ᠡᠯᠢᠭᠡᠯᠡᠵᠦ ᠦᠵᠡᠬᠦ ᠦᠭᠡᠢ ᠪᠣᠯ ᠭᠣᠷᠢ ᠦᠭᠡᠢ ᠪᠠᠢᠬᠤ ᠪᠠᠨ ᠭᠡᠵᠦ ᠮᠠᠷᠠᠮᠪᠠ ᠳᠠᠬᠢᠭᠠᠳ ᠯᠠ ᠶᠠᠷᠢᠪᠠ᠃ ᠲᠠᠪᠤᠨ ᠴᠤᠯᠤ ᠭᠡᠵᠦ ᠶᠠᠭᠤ ᠶ᠋ᠢ ᠬᠡᠯᠡᠵᠦ ᠪᠠᠢᠭ᠎ᠠ ᠶ᠋ᠢ ᠭᠡᠰᠦᠯ ᠭᠠᠳᠠᠷᠯᠠᠵᠤ 《ᠮᠠᠭᠤᠳᠠᠭᠰᠠᠨ ᠪᠣᠯ ᠡᠯᠢᠭᠡ ᠯᠠ ᠪᠠᠢᠬᠤ ᠳᠠ᠃ ᠲᠡᠷᠡ ᠲᠤᠰᠢᠶ᠎ᠠ ᠯᠠ ᠡᠪ ᠦᠭᠡᠢᠷᠬᠡᠭᠡᠳ ᠪᠠᠢᠨ᠎ᠠ》 ᠭᠡᠵᠦ ᠪᠣᠳᠣᠪᠠ᠃
– ᠲᠠᠪᠤᠨ ᠴᠤᠯᠤ ᠪᠣᠯᠪᠠᠰᠤ ᠵᠢᠷᠦᠬᠡ᠂ ᠡᠯᠢᠭᠡ᠂ ᠠᠭᠤᠰᠬᠢ᠂ ᠪᠥᠭᠡᠷ᠎ᠡ᠂ ᠳᠡᠯᠢᠭᠦᠦ ᠡᠨᠡ ᠬᠡᠳᠦ ᠪᠢᠯᠡ᠃ ᠵᠢᠷᠦᠬᠡ ᠲᠡᠶᠢᠮᠦ ᠴᠦ᠍ ᠠᠮᠠᠷ ᠰᠤᠯᠠᠳᠠᠬᠤ ᠦᠭᠡᠢ᠃ ᠬᠠᠷᠢᠨ ᠪᠥᠭᠡᠷ᠎ᠡ᠂ ᠡᠯᠢᠭᠡ ᠬᠣᠶᠠᠷ ᠬᠡᠪᠡᠷᠡᠭ ᠭᠠᠢᠬᠠᠯ ᠶᠤᠮ ᠳ᠋ᠠᠭ᠃ ᠱᠠᠵᠤᠤᠲ ᠶᠤᠮ ᠤᠤ ᠵᠠᠵᠤᠤᠲ ᠲᠦ᠍ ᠦᠵᠡᠳᠡᠭ ᠬᠡᠷᠡᠭ ᠭᠡᠵᠦ ᠮᠠᠷᠠᠮᠪᠠ ᠳᠠᠬᠢᠨ ᠲᠠᠢᠯᠪᠤᠷᠢᠯᠠᠨ ᠶᠠᠷᠢᠪᠠ᠃ ᠱᠠᠵᠤᠤᠲ ᠲᠦ᠍ ᠪᠣᠯ ᠪᠡᠶ᠎ᠡ ᠡᠷᠬᠡᠲᠡᠨ ᠰᠢᠨᠵᠢᠬᠦ᠂ ᠵᠠᠵᠤᠤᠲ ᠲᠦ᠍ ᠪᠣᠯ ᠡᠮᠭᠡᠭ ᠰᠤᠳᠤᠯᠬᠤ ᠤᠬᠠᠭᠠᠨ ᠶᠤᠮ᠃ ᠮᠥᠨ ᠮᠠᠨᠠᠵᠣᠤᠲ ᠪᠤᠶᠤ ᠶᠠᠰᠤ ᠪᠠᠷᠢᠬᠤ᠂ ᠴᠢᠮᠡᠶᠢᠵᠢᠲ ᠪᠤᠶᠤ ᠡᠮ ᠪᠠᠷᠢᠬᠤ᠂ ᡀᠠᠨᠭᠲ᠋ᠠᠪᠴᠢᠮᠪᠠ ᠪᠤᠶᠤ ᠳᠣᠲᠣᠷ᠎ᠠ ᠶ᠋ᠢᠨ ᠡᠷᠬᠡᠲᠡᠨ ᠠᠨᠠᠭᠠᠬᠤ ᠡᠢᠮᠦ ᠲᠠᠪᠤᠨ ᠠᠢᠮᠠᠭ ᠲᠤ ᠰᠠᠪᠠ ᠤᠬᠠᠭᠠᠨ ᠢ᠋ᠶ᠋ᠠᠷ ᠣᠲᠠᠴᠢ ᠶ᠋ᠢᠨ ᠡᠷᠳᠡᠮ ᠪᠦᠷᠢᠳᠳᠡᠭ ᠪᠠᠢᠯ᠎ᠠ᠃ ᠫᠦᠷᠪᠦᠳᠣᠨᠣᠢ ᠮᠠᠷᠠᠮᠪᠠ ᠡᠳᠡᠭᠡᠷ ᠢ᠋ ᠮᠡᠳᠡᠬᠦ ᠪᠣᠯᠪᠠᠴᠤ ᠡᠮ ᠪᠠᠷᠢᠬᠤ ᠶ᠋ᠢᠨ ᠤᠬᠠᠭᠠᠨ ᠢ᠋ ᠭᠣᠣᠯᠴᠢᠯᠠᠨ ᠲᠡᠩᠨᠡᠵᠡᠢ᠃ ᠫᠦᠷᠪᠦᠳᠣᠨᠣᠢ ᠮᠠᠷᠠᠮᠪᠠ
– ᠨᠢᠭᠡ ᠡᠮ ᠥᠭᠭᠦᠭᠡᠳ ᠶᠠᠪᠤᠨ᠎ᠠ᠃ ᠥᠨᠥᠳᠥᠷ ᠲᠦ᠍ ᠪᠡᠨ ᠬᠠᠷᠠᠭᠠᠳ ᠪᠣᠯᠬᠤ ᠦᠭᠡᠢ ᠪᠣᠯ ᠡᠯᠢᠭᠡᠯᠡᠨᠡ᠃ ᠴᠢᠮ᠎ᠠ ᠳᠤ ᠢᠮᠠᠭ᠎ᠠ ᠬᠤᠳᠠᠯᠳᠤᠵᠤ ᠠᠪᠬᠤ ᠮᠥᠩᠭᠥ ᠪᠣᠢ ᠤᠤ? ᠭᠡᠵᠦ ᠰᠠᠩᠵᠢ ᠠ᠋ᠴᠠ ᠠᠰᠠᠭᠤᠬᠤ ᠳ᠋ᠤ᠌ ᠭᠡᠰᠦᠯ ᠲᠣᠯᠣᠭᠠᠢ ᠰᠡᠭᠰᠦᠷᠪᠡ᠃
– ᠨᠠᠳᠠ ᠪᠠᠰᠠ ᠮᠥᠩᠭᠥ ᠶᠠᠭᠤ ᠪᠠᠵᠠᠭᠠᠬᠤ ᠪᠢᠯᠡ᠃ ᠡᠯᠢᠭᠡᠯᠡᠬᠦ ᠳ᠋ᠦ᠍ ᠵᠠᠪᠠᠯ ᠠᠮᠢᠳᠤ ᠢᠮᠠᠭ᠎ᠠ ᠶᠤᠮ ᠤᠤ ᠬᠣᠨᠢ ᠬᠡᠷᠡᠭᠲᠡᠢ᠃ ᠵᠠ ᠴᠢ ᠤᠬᠠᠭᠠᠨ ᠰᠡᠢᠯᠵᠦ ᠪᠠᠢᠭᠠᠷᠠᠢ᠃ ᠬᠠᠯᠬ᠎ᠠ ᠮᠢᠴᠠᠩ ᠳ᠋ᠤ᠌ ᠴᠢᠮ᠎ᠠ ᠳᠤ ᠲᠠᠨᠢᠯ ᠪᠠᠢᠬᠤ ᠦᠭᠡᠢ ᠶᠦᠮ ᠦᠦ? ᠭᠡᠵᠦ ᠮᠠᠷᠠᠮᠪᠠ ᠯᠠᠪᠯᠠᠪᠠ᠃ ᠰᠠᠩᠵᠢ᠄
– ᠪᠠᠷᠤᠭ ᠪᠠᠢᠬᠤ ᠦᠭᠡᠢ᠃ ᠬᠠᠷᠢᠨ ᠮᠠᠨ ᠤ᠋ ᠵᠢᠩᠳᠠᠭᠠᠨ ᠤ ᠮᠣᠩᠭᠣᠯ᠂ ᠲᠣᠷᠭᠤᠳ ᠨᠡᠷ ᠲᠦ᠍ ᠲᠠᠨᠢᠯ ᠪᠠᠶᠢᠵᠤ ᠮᠠᠭᠠᠳ ᠦᠭᠡᠢ᠃ ᠲᠡᠳᠡᠨ ᠢ᠋ ᠢᠷᠡᠬᠦ ᠪᠡᠷ ᠪᠢ ᠭᠤᠶᠤᠭ᠎ᠠ ᠭᠡᠪᠡ᠃
– ᠯᠠᠭᠰᠣᠣ! ᠯᠠᠭᠰᠣᠣ! ᠵᠠ ᠡᠭᠦᠨ ᠢ᠋ ᠤᠤᠭᠤᠴᠢᠬ᠎ᠠ! ᠨᠥᠭᠡᠨᠡ ᠣᠷᠣᠰᠢᠭᠴᠢ ᠠ᠋ᠴᠠ ᠵᠠᠯᠠᠭᠰᠠᠨ ᠡᠮ! ᠭᠡᠵᠦ ᠫᠦᠷᠪᠦᠳᠣᠨᠣᠢ ᠬᠡᠯᠡᠭᠡᠳ ᠮᠠᠩᠬᠠᠭ ᠢ᠋ᠶ᠋ᠠᠨ ᠠᠭᠤᠳᠠᠯᠤᠨ ᠡᠮ ᠬᠠᠢᠬᠤ ᠵᠠᠭᠤᠷ᠎ᠠ ᠪᠠᠰᠠ ᠯᠠ ᠭᠠᠭᠴᠠᠭᠠᠷ ᠶᠠᠷᠢᠭᠰᠠᠨ ᠨᠢ᠄
– ᠴᠢᠮ᠎ᠠ ᠳ᠋ᠤ᠌ ᠪᠢ ᠥᠴᠥᠭᠡᠳᠦᠷ ᠬᠦᠴᠦ ᠪᠡᠷ ᠢᠳᠡᠭᠴᠢᠳ ᠡᠴᠡ ᠠᠪᠤᠭᠰᠠᠨ ᠡᠮ ᠥᠭᠭᠦᠭᠰᠡᠨ᠃ ᠡᠳᠡᠭᠡᠷᠡᠭᠰᠡᠨ ᠦᠭᠡᠢ᠃ ᠭᠡᠪᠡᠴᠦ ᠬᠣᠭᠣᠰᠣᠨ ᠪᠢᠰᠢ᠃ ᠴᠢᠨᠦ ᠤᠬᠠᠭᠠᠨ ᠳᠡᠭᠡᠷᠡᠳᠡᠵᠡᠢ᠃ ᠥᠨᠥᠳᠥᠷ ᠨᠥᠭᠡᠨᠡ ᠣᠷᠣᠰᠢᠭᠴᠢᠳ ᠠ᠋ᠴᠠ ᠵᠠᠯᠠᠭᠰᠠᠨ ᠡᠮ ᠥᠭᠭᠦᠨ᠎ᠡ ᠭᠡᠬᠦ ᠳ᠋ᠦ᠍ ᠰᠠᠩᠵᠢ᠄
– ᠨᠥᠭᠡᠨᠡ ᠣᠷᠣᠰᠢᠭᠴᠢᠳ ᠠ᠋ᠴᠠ ᠵᠠᠯᠠᠭᠰᠠᠨ ᠭᠡᠵᠦ ᠶᠠᠭᠤᠨ ᠡᠮ ᠪᠣᠢ? ᠭᠡᠪᠡᠯ ᠮᠠᠷᠠᠮᠪᠠ᠄
– ᠨᠢᠭᠡ ᠡᠮ ᠨᠠᠢᠷᠠᠭᠤᠯᠬᠤ ᠳ᠋ᠤ᠌ ᠵᠢᠷᠠᠭᠠᠳ ᠬᠣᠯᠢᠴᠠ ᠣᠷᠣᠨ᠎ᠠ᠃ ᠤᠷᠳᠤᠨ ᠤ ᠪᠦᠬᠦᠢᠯᠡ ᠪᠡᠶ᠎ᠡ ᠮᠠᠬᠠᠪᠣᠳ ᠢ᠋ ᠣᠷᠣᠯᠴᠠᠭᠤᠯᠬᠤ ᠶ᠋ᠢ ᠬᠢᠴᠢᠶᠡᠨ᠎ᠡ᠃ ᠲᠡᠭᠡᠬᠦ ᠳ᠋ᠡᠭᠡᠨ ᠡᠮ ᠦ᠋ᠨ ᠴᠢᠨᠠᠷ ᠲᠠᠢ ᠶᠠᠭᠤᠮ᠎ᠠ ᠶᠡᠷᠦ ᠳ᠋ᠡᠭᠡᠨ ᠵᠢᠷᠭᠤᠭᠠᠨ ᠵᠠᠭᠤᠨ ᠠᠷᠪᠠᠨ ᠬᠣᠶᠠᠷ ᠶᠠᠩᠵᠤ ᠪᠣᠢ᠃ ᠲᠡᠭᠦᠨ ᠡᠴᠡ᠂ ᠵᠢᠱ᠌ᠢᠶᠡᠯᠡᠪᠡᠯ᠂
– ᠴᠢᠯᠠᠭᠤᠨ ᠤ᠋ ᠲᠥᠷᠥᠯ 34 ᠪᠣᠢ
– ᠰᠢᠷᠤᠢ ᠶᠢᠨ ᠵᠦᠢᠯ 12
– ᠳᠠᠪᠤᠰᠤ ᠱᠡᠦ ᠬᠤᠵᠢᠷ ᠤ᠋ᠨ ᠶᠠᠭᠤᠮ᠎ᠠ 110
– ᠡᠪᠡᠰᠦᠨ ᠡᠮ 133
– ᠵᠢᠭᠦᠷᠲᠡᠨ ᠡᠴᠡ 17
– ᠬᠢᠮᠤᠰᠤᠲᠤ ᠠᠷᠢᠶᠠᠲᠠᠨ ᠠ᠋ᠴᠠ 13
– ᠬᠦᠴᠢ ᠪᠡᠷ ᠢᠳᠡᠭᠴᠢ ᠡᠴᠡ 11
– ᠬᠥᠮᠦᠨ ᠡᠵᠡᠯᠡᠭᠰᠡᠨ ᠡᠴᠡ 12
– ᠨᠥᠭᠡᠨᠡ ᠣᠷᠣᠰᠢᠭᠴᠢ ᠠ᠋ᠴᠠ 10
– ᠨᠣᠢᠲᠠᠨ ᠤ᠋ ᠠᠢᠮᠠᠭ ᠠ᠋ᠴᠠ 8
– ᠪᠤᠰᠤᠳ ᠠᠮᠢᠲᠠᠨ ᠠ᠋ᠴᠠ 100 ᠵᠦᠢᠯ ᠡᠮ ᠦ᠋ᠨ ᠶᠠᠭᠤᠮᠠᠰ ᠠᠪᠳᠠᠭ ᠪᠣᠯᠤᠨ᠎ᠠ ᠭᠡᠵᠦ ᠶᠠᠷᠢᠪᠠ᠃
– ᠶᠠᠭᠠᠬᠢᠭ᠌ᠰᠠᠨ ᠰᠣᠨᠢᠨ ᠶᠠᠭᠤᠮ᠎ᠠ ᠪᠣᠢ? ᠲᠠ ᠶᠠᠭᠠᠬᠢᠭ᠌ᠰᠠᠨ ᠶᠡᠬᠡ ᠶ᠋ᠢ ᠮᠡᠳᠡᠨ᠎ᠡ ᠪᠣᠢ? ᠬᠦᠴᠦ ᠪᠡᠷ ᠢᠳᠡᠭᠴᠢ᠂ ᠬᠥᠮᠥᠨ ᠡᠵᠡᠯᠡᠭᠰᠡᠨ᠂ ᠨᠥᠭᠡᠨᠡ ᠣᠷᠣᠰᠢᠭᠴᠢ ᠭᠡᠵᠦ ᠶᠠᠭᠤ ᠶ᠋ᠢ ᠬᠡᠯᠡᠵᠦ ᠪᠠᠢᠨ᠎ᠠ ? ᠭᠡᠮᠡᠨ ᠰᠠᠩᠵᠢ ᠠᠰᠠᠭᠤᠯ᠎ᠠ᠃ ᠫᠦᠷᠪᠦᠳᠣᠨᠣᠢ ᠪᠠᠶᠠᠷᠯᠠᠨ᠄
– ᠦᠭᠡᠢ ᠶᠡᠷᠦ᠂ ᠠᠮᠢ ᠨᠠᠭᠠᠨ᠎ᠠ᠂ ᠲᠠᠮᠤ ᠴᠠᠭᠠᠨ᠎ᠠ ᠪᠠᠢᠵᠤ ᠪᠠᠢᠵᠤ ᠪᠠᠰᠠ ᠰᠣᠨᠢᠭᠤᠴᠢ ᠡᠷ᠎ᠡ ᠡ ᠴᠢ᠃ ᠵᠥᠪ᠂ ᠪᠤᠷᠬᠠᠨ ᠪᠠᠭᠰᠢ ᠮᠠᠷᠭᠠᠰᠢ ᠦᠬᠦᠬᠦ ᠪᠡᠨ ᠮᠡᠳᠡᠵᠦ ᠪᠠᠢᠪᠠᠴᠤ ᠥᠨᠥ ᠰᠤᠷ ᠭᠡᠵᠦ ᠠᠢᠯᠠᠳᠤᠭᠰᠠᠨ ᠶᠤᠮ!ᠴᠢ ᠤᠤᠯ ᠨᠢ ᠡᠳᠡᠭᠡᠷᠡᠪᠡᠯ ᠬᠡᠷᠡᠭᠲᠡᠢ ᠰᠣᠨᠢᠭᠤᠴᠢ ᠬᠥᠮᠥᠨ ᠶᠦᠮ ᠭᠡᠵᠦ ᠬᠡᠯᠡᠭᠰᠡᠨ ᠢ᠋ᠶ᠋ᠡᠨ᠄
– ᠴᠢ ᠰᠣᠨᠣᠰ! ᠬᠦᠴᠦ ᠪᠡᠷ ᠢᠳᠡᠭᠴᠢ ᠭᠡᠳᠡᠭ ᠪᠣᠯ ᠴᠢᠨᠣ᠎ᠠ᠂ ᠨᠣᠬᠠᠢ᠂ ᠴᠥᠭᠡᠪᠦᠷᠢ ᠮᠡᠲᠦᠰ ᠪᠣᠯᠤᠨ᠎ᠠ᠃ ᠬᠥᠮᠦᠨ ᠡᠵᠡᠯᠡᠭᠰᠡᠨ ᠭᠡᠳᠡᠭ ᠴᠢᠨᠢ ᠭᠡᠷ ᠦ᠋ᠨ ᠲᠡᠵᠢᠭᠡᠪᠦᠷᠢ ᠠᠮᠢᠲᠠᠳ ᠢ᠋ ᠬᠡᠯᠡᠨ᠎ᠡ᠃ ᠨᠥᠭᠡᠨᠡ ᠣᠷᠣᠰᠢᠭᠴᠢ ᠨᠢ ᠵᠤᠷᠠᠮ᠎ᠠ᠂ ᠲᠠᠷᠪᠠᠭ᠎ᠠ᠂ ᠥᠳᠥ ᠬᠣᠷᠣᠬᠠᠢ ᠪᠢᠰᠢ ᠦᠦ᠃ ᠵᠠ ᠴᠢᠮ᠎ᠠ ᠳ᠋ᠤ᠌ ᠴᠥᠮ ᠢ᠋ ᠶᠠᠷᠢᠬᠤ ᠵᠠᠪ ᠠᠯᠠᠭ᠎ᠠ᠂ ᠪᠢ ᠶᠠᠪᠤᠶ᠎ᠠ ᠳᠠ ᠭᠡᠪᠡ᠃
– ᠪᠠᠭᠰᠢ ᠮᠠᠷᠠᠮᠪᠠ ᠡ᠂ ᠲᠠ ᠨᠠᠮᠠᠶ᠋ᠢ ᠡᠳᠡᠭᠡᠷᠡᠬᠦ ᠳ᠋ᠦ᠍ ᠨᠠᠳᠠ ᠳ᠋ᠤ᠌ ᠡᠨᠡ ᠣᠲᠠᠴᠢ ᠶ᠋ᠢᠨ ᠤᠬᠠᠭᠠᠨ ᠢ᠋ ᠵᠢᠭᠠᠵᠤ ᠥᠭᠬᠦ ᠠᠵᠢᠶᠠᠮᠤ? ᠭᠡᠵᠦ ᠰᠠᠩᠵᠢ ᠳᠣᠷᠣᠢ ᠳᠠᠭᠤ ᠪᠠᠷ ᠭᠤᠶᠤᠯ᠎ᠠ᠃ ᠫᠦᠷᠪᠦᠳᠣᠨᠣᠢ᠄
– ᠠᠮᠠᠨ ᠤ᠋ ᠪᠡᠯᠭᠡ ᠭᠡᠵᠦ᠂ ᠴᠢ ᠴᠢᠨᠢ ᠣᠪᠣᠭ᠎ᠠ ᠥᠭᠡᠳᠡᠷᠡᠭ ᠰᠡᠳᠬᠢᠯ ᠲᠡᠢ ᠬᠥᠮᠦᠨ ᠶᠦᠮ᠃ ᠡᠳᠡᠭᠡᠷᠡᠪᠡᠯ ᠪᠢ ᠴᠢᠨᠦ ᠭᠡᠷ ᠦ᠋ᠨ ᠪᠠᠭᠰᠢ ᠪᠣᠯᠤᠨ᠎ᠠ ᠭᠡᠵᠦ ᠪᠣᠳᠣᠶ᠎ᠠ ᠬᠡᠮᠡᠪᠡ᠃
᠁ ᠦᠳᠡ ᠡᠴᠡ ᠬᠣᠢᠰᠢ ᠲᠠᠪᠤᠨ ᠴᠤᠯᠤ ᠶ᠋ᠢ ᠰᠢᠨᠵᠢᠬᠦ ᠡᠯᠢᠭᠡᠯᠡᠬᠦ ᠳᠣᠮ ᠬᠢᠬᠦ ᠪᠡᠷ ᠪᠣᠯᠵᠠᠢ᠃ ᠰᠠᠩᠵᠢ ᠭᠡᠰᠦᠯ ᠪᠡᠶ᠎ᠡ ᠪᠡᠨ ᠴᠢᠩᠨᠠᠨ ᠬᠡᠪᠲᠡᠬᠦ ᠳ᠋ᠡᠭᠡᠨ ᠶᠢᠷᠲᠢᠨᠴᠦ ᠶ᠋ᠢᠨ ᠲᠤᠬᠠᠢ ᠪᠢᠰᠢᠯᠭᠠᠨ ᠪᠣᠳᠣᠭᠰᠠᠭᠠᠷ ᠯᠠ ᠪᠠᠢᠯ᠎ᠠ᠃ ᠪᠤᠷᠬᠠᠨ ᠤ᠋ ᠨᠣᠮ ᠰᠤᠷᠬᠤ ᠭᠡᠵᠦ ᠪᠤᠷᠬᠠᠨ ᠤ᠋ ᠣᠷᠣᠨ ᠳ᠋ᠤ᠌ ᠢᠷᠡᠭᠡᠳ ᠲᠡᠷᠡ ᠬᠦᠰᠡᠯ ᠳ᠋ᠡᠭᠡᠨ ᠬᠥᠷᠥᠯ ᠦᠭᠡᠢ ᠵᠠᠩᠴᠢ ᠠᠷᠠᠯᠵᠢᠪᠠᠯ ᠬᠤᠸᠠᠷᠠᠭ ᠪᠣᠯᠤᠭᠰᠠᠨ ᠬᠡᠷᠡᠭ ᠶᠠᠭᠤ ᠪᠢᠯᠡ ᠭᠡᠵᠦ ᠳᠠᠬᠢᠭᠠᠳ ᠯᠠ ᠬᠠᠷᠠᠮᠰᠠᠨ ᠪᠣᠳᠣᠯ᠎ᠠ᠃ ᠯᠠᠮᠠ ᠬᠥᠮᠦᠨ ᠨᠠᠰᠤᠨ ᠡᠴᠦᠰ ᠪᠣᠯᠬᠤ ᠶ᠋ᠢ ᠵᠠᠩᠴᠢ ᠠᠷᠠᠯᠵᠢᠨ᠎ᠠ ᠭᠡᠵᠦ ᠶᠠᠷᠢᠵᠤ ᠪᠠᠢᠭᠰᠠᠨ ᠢ᠋ ᠲᠡᠷᠡ ᠲᠣᠭᠲᠠᠭᠠᠵᠤ ᠠᠪᠴᠠᠢ᠃ ᠥᠪᠡᠷ ᠢ᠋ ᠪᠡᠨ ᠠᠪᠤᠷᠠᠬᠤ ᠲᠤᠬᠠᠢ ᠣᠯᠠᠨ ᠶᠠᠭᠤᠮ᠎ᠠ ᠡᠷᠭᠢᠴᠡᠭᠦᠯᠦᠨ ᠪᠣᠳᠣᠪᠠ᠃ ᠨᠢᠭᠡᠨ ᠵᠠᠭᠤᠨ ᠨᠢᠭᠡᠨ ᠡᠪᠡᠳᠴᠢᠨ ᠣᠭᠲᠣ ᠦᠯᠦ ᠡᠳᠡᠭᠡᠷᠡᠳᠡᠭ ᠭᠡᠵᠦ ᠬᠡᠯᠡᠭᠰᠡᠨ᠂ ᠲᠡᠭᠦᠨ ᠦ᠌ ᠨᠢ ᠨᠢᠭᠡ ᠯᠡ ᠲᠤᠰᠠᠴᠢᠬᠠᠭᠠ ᠦᠭᠡᠢ ᠪᠣᠯ ᠪᠤᠰᠤᠳ ᠨᠢ ᠠᠷᠭᠠᠯᠠᠵᠤ ᠪᠣᠯᠬᠤ ᠪᠠᠢᠬᠤ ᠬᠡᠮᠡᠨ ᠭᠣᠷᠢᠳᠠᠵᠤ ᠪᠠᠢᠯ᠎ᠠ᠃ ᠰᠠᠶᠢᠬᠠᠨ ᠯᠠ ᠨᠢᠳᠦ ᠢᠷᠮᠡᠬᠦ ᠵᠠᠭᠤᠷ᠎ᠠ ᠡᠳᠦᠷ ᠥᠩᠭᠡᠷᠡᠳᠡᠭ ᠰᠡᠨ᠃ ᠣᠳᠣ ᠡᠪᠡᠳᠴᠢᠨ ᠳ᠋ᠦ᠍ ᠰᠢᠨᠠᠯᠤᠭᠰᠠᠨ ᠲᠡᠭᠦᠨ ᠳ᠋ᠦ᠍ ᠡᠳᠦᠷ ᠴᠦ᠍ ᠥᠩᠭᠡᠷᠡᠬᠦ ᠦᠭᠡᠢ ᠪᠣᠯᠵᠠᠢ᠃
《ᠲᠡᠷᠡ ᠲᠠᠪᠤᠨ ᠴᠤᠯᠤ ᠰᠢᠨᠵᠢᠨ᠎ᠡ ᠭᠡᠳᠡᠭ ᠢ᠋ᠶ᠋ᠡᠨ ᠯᠡ ᠬᠢᠭᠡᠰᠡᠢ᠃ ᠶᠠᠭᠤ ᠪᠠᠢᠳᠠᠭ ᠶᠤᠮ ᠪᠤᠯ ᠳᠠ !》ᠭᠡᠵᠦ ᠰᠠᠩᠵᠢ ᠭᠡᠰᠦᠯ ᠬᠦᠰᠡᠨ ᠬᠦᠯᠢᠶᠡᠵᠦ ᠪᠠᠢᠯ᠎ᠠ᠃
ᠦᠳᠡ ᠡᠴᠡ ᠬᠣᠢᠰᠢ ᠮᠠᠷᠠᠮᠪᠠᠲᠠᠨ ᠠᠭᠠᠬᠢᠯᠠᠭᠰᠠᠭᠠᠷ ᠣᠷᠣᠵᠤ ᠢᠷᠡᠯ᠎ᠡ᠃ ᠴᠠᠭᠠᠨ᠎ᠠ ᠠ᠋ᠴᠠ ᠨᠢ ᠨᠢᠭᠡᠨ ᠵᠢᠩᠳᠠᠭᠠᠨ ᠤ ᠨᠥᠬᠥᠳ ᠳᠠᠭᠠᠵᠠᠢ᠃ ᠫᠦᠷᠪᠦᠳᠣᠨᠣᠶ ᠄
– ᠨᠥᠬᠥᠳ ᠴᠢᠨᠢ ᠮᠥᠩᠭᠥ ᠴᠤᠭᠯᠠᠭᠤᠯᠵᠤ ᠭᠠᠭᠴᠠ ᠬᠠᠷ᠎ᠠ ᠢᠮᠠᠭ᠎ᠠ ᠣᠯᠵᠠᠢ᠃ ᠣᠳᠣ ᠡᠭᠦᠨ ᠢ ᠭᠠᠷᠭᠠᠵᠤ ᠴᠢᠨᠦ ᠲᠠᠪᠤᠨ ᠴᠤᠯᠤ ᠶ᠋ᠢ ᠰᠢᠨᠵᠢᠯᠡᠰᠦᠭᠡᠢ ᠭᠡᠵᠦ ᠬᠡᠯᠡᠭᠡᠳ ᠵᠢᠩᠳᠠᠭᠠᠨ ᠤ᠋ ᠬᠢᠨ ᠳ᠋ᠦ᠍ ᠨᠢ ᠬᠠᠨᠳᠤᠵᠤ᠄
– ᠵᠠ ᠨᠠᠭᠠᠳᠤ ᠢᠮᠠᠭ᠎ᠠ ᠶ᠋ᠢ ᠪᠡᠨ ᠴᠠᠭᠠᠱᠢ ᠬᠠᠷᠠᠭᠤᠯᠤᠭᠠᠳ ᠣᠷᠭᠢ ᠭᠡᠵᠦ ᠳᠠᠭᠠᠭᠠᠯᠭᠠᠯ᠎ᠠ᠃ ᠲᠡᠷᠡ ᠳᠠᠷᠤᠢ ᠨᠥᠬᠥᠳ ᠨᠢ ᠬᠠᠷ᠎ᠠ ᠢᠮᠠᠭ᠎ᠠ ᠶ᠋ᠢ ᠨᠢᠳᠦᠯᠡᠵᠦ ᠡᠬᠢᠯᠡᠪᠡ᠃ ᠮᠠᠷᠠᠮᠪᠠ ᠥᠪᠡᠷ ᠢ᠋ᠶ᠋ᠡᠨ ᠰᠠᠩᠵᠢ ᠭᠡᠰᠦᠯ ᠢ᠋ ᠨᠢᠴᠦᠭᠦᠯᠡᠨ ᠥᠭᠡᠳᠡ ᠨᠢ ᠬᠠᠷᠠᠭᠤᠯᠤᠨ ᠬᠡᠪᠲᠡᠭᠦᠯᠦᠯᠡ᠃ ᠲᠡᠭᠡᠭᠡᠳ ᠬᠤᠸᠠᠷᠠᠭ ᠤ᠋ᠳ ᠢ ᠳᠠᠭᠤᠳᠠᠵᠤ᠂
– ᠮᠢᠨᠦ ᠳᠠᠭᠤᠳᠠᠭᠰᠠᠨ ᠳᠡᠰ ᠳᠠᠷᠠᠭ᠎ᠠ ᠪᠠᠷ ᠢᠮᠠᠭᠠᠨ ᠤ᠋ ᠳᠣᠲᠣᠷ᠎ᠠ ᠭᠡᠳᠡᠰᠦᠨ ᠡᠴᠡ ᠲᠠᠪᠤᠨ ᠴᠤᠯᠤ ᠶᠢ ᠬᠠᠯᠠᠭᠤᠨ ᠢ᠋ᠶ᠋ᠠᠷ ᠨᠢ ᠠᠪᠴᠤ ᠢᠷᠡᠭᠡᠷᠡᠢ᠃ ᠵᠠ ᠡᠬᠢᠯᠡᠭᠡᠳ ᠡᠯᠢᠭᠡ ᠠᠪᠤᠭᠠᠳ ᠢᠷ᠎ᠡ ᠭᠡᠪᠡ᠃ ᠴᠢᠰᠤ ᠱᠦᠭᠦᠷᠡᠭᠰᠡᠨ ᠬᠠᠯᠠᠭᠤᠨ ᠡᠯᠢᠭᠡ ᠶ᠋ᠢ ᠲᠡᠳᠡ ᠣᠷᠣᠭᠤᠯᠵᠤ ᠢᠷᠡᠯ᠎ᠡ᠃ ᠮᠠᠷᠠᠮᠪᠠ ᠲᠡᠭᠦᠨ ᠢ᠋ ᠠᠪᠴᠤ ᠰᠠᠩᠵᠢ ᠭᠡᠰᠦᠯ ᠦᠨ ᠡᠯᠢᠭᠡᠨ ᠲᠤᠰᠢᠶ᠎ᠠ ᠨᠠᠭᠠᠯᠳᠤᠭᠤᠯᠤᠨ ᠲᠠᠯᠪᠢᠯ᠎ᠠ᠃
– ᠠᠭᠤᠰᠬᠢ! ᠭᠡᠵᠦ ᠮᠠᠷᠠᠮᠪᠠ ᠳᠠᠭᠤᠳᠠᠪᠠ᠃ ᠠᠭᠤᠰᠬᠢ ᠠᠪᠴᠤ ᠦᠭᠬᠦᠯ᠎ᠡ᠃ ᠲᠡᠭᠦᠨ ᠢ᠋ ᠪᠠᠰᠠ ᠯᠠ ᠰᠠᠩᠵᠢ ᠭᠡᠰᠦᠯ ᠦ᠋ᠨ ᠠᠭᠤᠰᠬᠢᠨ ᠲᠤᠰᠢᠶ᠎ᠠ ᠨᠠᠭᠠᠯᠳᠤᠭᠤᠯᠤᠨ ᠲᠠᠯᠪᠢᠯ᠎ᠠ᠃
– ᠳᠡᠯᠢᠭᠦᠦ! ᠭᠡᠵᠦ ᠮᠠᠷᠠᠮᠪᠠ ᠬᠠᠰᠬᠢᠷᠪᠠ᠃ ᠳᠡᠯᠢᠭᠦᠦ ᠶ᠋ᠢ ᠦᠭᠬᠦᠯ᠎ᠡ᠃ ᠲᠡᠷᠡ ᠮᠡᠲᠦ ᠪᠡᠷ ᠲᠠᠪᠤᠨ ᠴᠤᠯᠤ ᠶ᠋ᠢ ᠬᠠᠯᠠᠭᠤᠨ ᠢ᠋ᠶ᠋ᠠᠷ ᠠᠪᠴᠤ ᠰᠠᠩᠵᠢ ᠭᠡᠰᠦᠯ ᠦ᠋ᠨ ᠡᠯᠢᠭᠡᠨ ᠲᠠᠯ᠎ᠠ ᠳ᠋ᠤ᠌ ᠲᠤᠰ ᠪᠦᠷᠢ ᠶ᠋ᠢᠨ ᠲᠠᠭᠠᠷᠠᠬᠤ ᠡᠷᠬᠡᠲᠡᠨ ᠲᠤᠰᠢᠶ᠎ᠠ ᠨᠠᠭᠠᠯᠳᠤᠭᠤᠯᠵᠤ ᠲᠠᠯᠪᠢᠭᠠᠳ ᠳᠡᠭᠡᠭᠦᠷ ᠨᠢ ᠢᠮᠠᠭᠠᠨ ᠤ᠋ ᠰᠡᠮᠡᠵᠡ ᠪᠡᠷ ᠬᠤᠴᠢᠭᠠᠳ ᠠᠷᠠᠰᠤ ᠪᠠᠷ ᠪᠦᠲᠡᠭᠡᠯᠡ᠃ ᠢᠮᠠᠭᠠᠨ ᠤ᠋ ᠡᠪᠴᠢᠭᠦᠨ ᠦ᠌ ᠬᠡᠷᠰᠡᠩ ᠢ᠋ ᠠᠷᠠᠰᠤ ᠲᠠᠢ ᠨᠢ ᠬᠡᠰᠡᠭᠯᠡᠨ ᠠᠪᠴᠤ ᠥᠭᠡᠳᠡ ᠨᠢ ᠬᠠᠷᠠᠭᠤᠯᠤᠨ ᠱᠠᠯᠠᠨ ᠳᠡᠭᠡᠷ᠎ᠡ ᠲᠠᠯᠪᠢᠯ᠎ᠠ᠃
– ᠵᠠ ᠡᠨᠡ ᠬᠡᠷᠰᠡᠩ ᠲᠡᠢ ᠠᠷᠠᠰᠤ ᠶ᠋ᠢ ᠰᠠᠢᠨ ᠬᠠᠷᠠᠵᠤ ᠪᠠᠢ᠃ ᠬᠡᠷᠰᠡᠩ ᠪᠣᠯ ᠠᠮᠢᠲᠠᠨ ᠤ᠋ ᠪᠡᠶ᠎ᠡ ᠶᠢᠨ ᠬᠠᠮᠤᠭ ᠤ᠋ᠨ ᠮᠡᠳᠡᠷᠡᠮᠡᠲᠡᠭᠡᠢ ᠮᠢᠬ᠎ᠠ ᠪᠣᠯᠤᠨ᠎ᠠ᠃ ᠪᠠᠰᠠ ᠬᠠᠮᠤᠭ ᠤ᠋ᠨ ᠰᠢᠮᠡᠷᠬᠡᠦ ᠮᠢᠬ᠎ᠠ ᠮᠥᠨ᠃ᠡᠢᠮᠦ ᠳ᠋ᠦ᠍ ᠲᠡᠭᠦᠨ ᠢ᠋ ᠬᠦᠷᠦᠬᠦ ᠳ᠋ᠦ᠍ ᠡᠪᠡᠳᠴᠢᠲᠡᠨ ᠦ᠌ ᠪᠡᠶ᠎ᠡ ᠳ᠋ᠦ᠍ ᠨᠠᠭᠠᠭᠰᠠᠨ ᠲᠠᠪᠤᠨ ᠴᠤᠯᠤ ᠪᠠᠰᠠ ᠨᠢᠭᠡᠨ ᠵᠡᠷᠭᠡ ᠬᠦᠷᠦᠨ᠎ᠡ᠃ ᠬᠡᠷᠰᠡᠩ ᠢ᠋ ᠬᠦᠷᠦᠭᠡ ᠦᠭᠡᠢ ᠪᠠᠢᠬᠤ ᠳ᠋ᠤ᠌ ᠳᠣᠲᠣᠷ ᠮᠢᠬ᠎ᠠ ᠶ᠋ᠢ ᠠᠪᠴᠤ ᠦᠵᠡᠵᠦ ᠪᠣᠯᠬᠤ ᠦᠭᠡᠢ ᠭᠡᠵᠦ ᠮᠠᠷᠠᠮᠪᠠ ᠵᠢᠭᠠᠪᠤᠷᠢᠯᠠᠪᠠ᠃ ᠬᠡᠷᠰᠡᠩ ᠲᠡᠢ ᠠᠷᠠᠰᠤ ᠨᠢ ᠴᠠᠭ ᠬᠡᠮᠵᠢᠬᠦ ᠪᠠᠷᠢᠮᠵᠢᠶ᠎ᠠ ᠠᠵᠢ᠃ ᠬᠡᠷᠰᠡᠩ ᠢ᠋ ᠬᠥᠷᠥᠬᠦ ᠳ᠋ᠦ᠍ ᠯᠠᠮᠠ᠄
– ᠴᠠᠭ ᠪᠣᠯᠤᠯ᠎ᠠ᠃ ᠣᠳᠣ ᠲᠠᠪᠤᠨ ᠴᠤᠯᠤ ᠬᠥᠷᠥᠵᠡᠢ ᠭᠡᠵᠦ ᠬᠡᠯᠡᠭᠰᠡᠨ ᠢ᠋ᠶ᠋ᠡᠨ ᠭᠠᠦᠯᠢᠨ ᠲᠦᠮᠫᠡᠨ ᠲᠡᠢ ᠬᠠᠯᠠᠭᠤᠨ ᠤᠰᠤᠨ ᠳ᠋ᠤ᠌ ᠲᠠᠪᠤᠨ ᠴᠤᠯᠤ ᠶ᠋ᠢ ᠠᠪᠴᠤ ᠳᠡᠰ ᠳᠡᠰ ᠢ᠋ᠶ᠋ᠡᠷ ᠬᠢᠪᠡ᠃ ᠡᠯᠢᠭᠡ᠂ ᠵᠢᠷᠦᠬᠡ ᠲᠡᠷᠢᠭᠦᠲᠡᠨ ᠢ ᠬᠠᠯᠠᠭᠤᠨ ᠤᠰᠤᠨ ᠳ᠋ᠤ᠌ ᠨᠠᠰᠢ ᠴᠠᠰᠢ ᠡᠷᠭᠢᠭᠦᠯᠦᠨ ᠮᠠᠷᠠᠮᠪᠠ ᠦᠵᠡᠬᠦ ᠵᠠᠭᠤᠷ᠎ᠠ᠄
– ᠡᠪᠡᠳᠴᠢᠲᠡᠨ ᠦ᠌ ᠲᠠᠪᠤᠨ ᠴᠤᠯᠤ ᠶ᠋ᠢᠨ ᠠᠯᠢ ᠨᠢᠭᠡ ᠨᠢ ᠭᠡᠮᠲᠦᠭᠰᠡᠨ ᠪᠣᠯ ᠳᠡᠭᠡᠷ᠎ᠡ ᠨᠢ ᠲᠠᠯᠪᠢᠭ᠌ᠰᠠᠨ ᠮᠠᠯ ᠤ᠋ᠨ ᠲᠠᠪᠤᠨ ᠴᠤᠯᠤ ᠳ᠋ᠤ᠌ ᠲᠡᠮᠳᠡᠭ ᠮᠡᠳᠡᠭᠳᠡᠳᠡᠭ ᠶᠦᠮ ᠭᠡᠵᠦ ᠠᠮᠠᠨ ᠳ᠋ᠠᠭᠠᠨ ᠶᠠᠷᠢᠵᠤ ᠲᠦᠮᠫᠡᠨ ᠲᠡᠢ ᠶᠢ ᠬᠤᠳᠬᠤᠨ ᠬᠥᠷᠪᠡᠭᠦᠯᠵᠦ᠂ ᠨᠤᠬᠤᠴᠠᠲᠠᠢ ᠦᠵᠡᠭᠰᠡᠭᠡᠷ ᠪᠠᠢᠯ᠎ᠠ᠃ ᠤᠳᠠᠲᠠᠯ᠎ᠠ ᠰᠢᠨᠵᠢᠪᠡ᠃ ᠭᠡᠪᠡᠴᠦ ᠲᠡᠷᠡ ᠭᠡᠬᠦ ᠲᠡᠮᠳᠡᠭ ᠣᠯᠤᠭᠰᠠᠨ ᠦᠭᠡᠢ᠃
– ᠮᠥᠨ ᠬᠠᠴᠢᠨ ᠶᠤᠮ ᠳᠠ᠃ ᠶᠡᠷᠦ ᠳ᠋ᠡᠭᠡᠨ ᠲᠡᠷᠡ ᠭᠡᠬᠦ ᠲᠡᠮᠳᠡᠭ ᠣᠯᠳᠠᠬᠤ ᠦᠭᠡᠢ ᠪᠠᠢᠨ᠎ᠠ᠃ ᠲᠠᠪᠤᠨ ᠴᠤᠯᠤ ᠳ᠋ᠤᠨᠢ ᠶᠠᠮᠠᠷᠪᠠ ᠭᠡᠮ ᠰᠠᠭᠤᠭ᠎ᠠ ᠦᠭᠡᠢ ᠪᠣᠯᠤᠯᠲᠠᠢ ᠭᠡᠵᠦ ᠮᠠᠷᠠᠮᠪᠠ ᠦᠭᠡᠯᠡᠵᠦ ᠰᠠᠭᠤᠯ᠎ᠠ᠃ᠡᠯᠢᠭᠡᠯᠡᠬᠦ ᠲᠣᠮ ᠨᠢ ᠲᠡᠢᠨ ᠬᠦ᠌ ᠦᠷ᠎ᠡ ᠳ᠋ᠦᠩ ᠦᠭᠡᠢ ᠪᠣᠯᠬᠤ ᠠᠶᠠᠰᠲᠠᠢ ᠳ᠋ᠤ᠌ ᠮᠠᠷᠠᠮᠪᠠ ᠪᠠᠭ᠎ᠠ ᠵᠡᠷᠭᠡ ᠪᠥᠱᠥᠭᠦᠷᠬᠡᠵᠦ᠄
– ᠲᠡᠭᠡᠪᠡᠯ ᠣᠳᠣ ᠡᠨᠡ ᠡᠪᠡᠳᠴᠢᠲᠡᠨ ᠦ᠌ ᠪᠡᠶ᠎ᠡ ᠶ᠋ᠢᠨ ᠲᠠᠪᠤᠨ ᠣᠨᠢᠰᠣ ᠨᠢ ᠭᠡᠮᠲᠦᠭᠰᠡᠨ ᠬᠡᠷᠡᠭ ᠪᠠᠢᠵᠤ ᠳ᠋ᠡ᠃ ᠭᠣᠣᠯ ᠣᠨᠢᠰᠣ ᠮᠤᠯᠲᠤᠷᠠᠪᠠᠯ ᠦᠬᠦᠵᠦ ᠴᠦ᠍ ᠪᠣᠯᠤᠨ᠎ᠠ᠃ ᠮᠠᠷᠭᠠᠰᠢ ᠪᠢ ᠴᠢᠨᠦ ᠲᠠᠪᠤᠨ ᠣᠨᠢᠰᠤ ᠶ᠋ᠢ ᠰᠢᠨᠵᠢᠵᠦ ᠦᠵᠡᠬᠦ ᠡᠴᠡ ᠶᠠᠭᠠᠬᠢᠬᠤ ᠪᠣᠢ ᠳᠠ᠃ ᠥᠨᠥᠳᠥᠷ ᠴᠦ᠍ ᠣᠷᠣᠢᠳᠠᠯᠠ᠃ ᠵᠢᠩᠳᠠᠭᠠᠨ ᠤ᠋ ᠬᠢᠨᠢ ᠢᠮᠠᠭᠠᠨ ᠤ᠋ ᠮᠢᠬ᠎ᠠ ᠪᠠᠷ ᠨᠥᠬᠥᠷ ᠲᠦ᠍ ᠪᠡᠨ ᠬᠣᠭᠣᠯᠠ ᠬᠢᠵᠦ ᠥᠭ᠃ ᠲᠡᠭᠡᠬᠦ ᠳ᠋ᠡᠭᠡᠨ ᠬᠤᠷᠴᠠ ᠶᠠᠭᠤᠮ᠎ᠠ ᠬᠡᠷᠡᠭ ᠦᠭᠡᠢ ᠭᠡᠵᠦ ᠬᠡᠯᠡᠪᠡ᠃ ᠨᠥᠬᠥᠳ ᠨᠢ ᠰᠠᠩᠵᠢ ᠭᠡᠰᠦᠯ ᠦ᠋ᠨ ᠨᠢᠴᠦᠭᠦᠨ ᠪᠡᠶᠡᠨᠡ ᠪᠢᠯᠳᠠᠭᠰᠠᠨ ᠴᠢᠰᠤ ᠶᠢ ᠠᠷᠢᠯᠭᠠᠵᠤ᠂ ᠬᠤᠪᠴᠠᠰᠤ ᠶ᠋ᠢ ᠨᠢ ᠡᠮᠦᠰᠬᠡᠵᠦ ᠣᠷᠣᠨ ᠳ᠋ᠤ᠌ ᠨᠢ ᠬᠡᠪᠲᠡᠭᠦᠯᠪᠡ᠃
ᠮᠠᠷᠠᠮᠪᠠ ᠠᠮᠠᠨ ᠳ᠋ᠠᠭᠠᠨ ᠪᠤᠪᠲᠤᠨᠠᠨ《ᠶᠠᠮᠠᠷ ᠵᠣᠯᠢᠭ ᠤ᠋ᠨ ᠪᠤᠭ ᠰᠦᠭᠯᠡᠵᠦ ᠣᠷᠬᠢᠭ᠎ᠠ ᠪᠣᠢ? ᠶᠡᠷᠦ ᠳ᠋ᠡᠭᠡᠨ ᠮᠡᠳᠡᠬᠦ ᠪᠠᠷᠢᠮᠵᠢᠶ᠎ᠠ ᠠᠯᠠᠭ᠎ᠠ᠃ ᠬᠤᠮ᠂ ᠬᠤᠮ᠂ ᠬᠤᠮ》ᠭᠡᠵᠦ ᠵᠥᠭᠡᠯᠭᠡ ᠣᠷᠬᠢᠪᠠ᠃《ᠤᠤᠯ ᠨᠢ ᠶᠡᠬᠡ ᠯᠡ ᠶᠠᠳᠠᠷᠠᠵᠤ ᠰᠤᠯᠠᠳᠠᠴᠢᠬᠠᠭᠰᠠᠨ ᠶᠤᠮ ᠰᠢᠭ᠋ ᠪᠠᠢᠬᠤ ᠶᠤᠮ᠃ ᠲᠠᠮᠢᠷᠳᠠᠭᠰᠠᠨ ᠬᠥᠮᠦᠨ ᠢ᠋ ᠴᠦ᠍ ᠬᠣᠭᠣᠯᠠ ᠪᠠᠷ ᠡᠮᠨᠡᠪᠡᠯ ᠳᠡᠭᠡᠷ᠎ᠡ ᠰᠠᠨ᠃ ᠡᠭᠦᠨ ᠢ᠋ ᠡᠳᠡᠭᠡᠭᠡᠵᠦ ᠴᠢᠳᠠᠬᠤ ᠦᠭᠡᠢ ᠪᠣᠯ ᠨᠡᠷ᠎ᠡ ᠳ᠋ᠦ᠍ ᠮᠠᠭᠤ ᠪᠣᠯᠤᠨ᠎ᠠ᠃ ᠬᠠᠮᠤᠭ ᠠᠷᠭ᠎ᠠ ᠰᠢᠷᠭᠡ ᠪᠠᠨ ᠪᠠᠷᠠᠯ᠎ᠠ ᠭᠡᠵᠦ ᠦᠦ ᠪᠢ᠃ ᠰᠡᠵᠢᠭ ᠢ᠋ᠶ᠋ᠡᠷ ᠵᠠᠰᠠᠷᠠᠬᠤ ᠦᠭᠡᠢ ᠨᠢ ᠡ!》ᠭᠡᠵᠦ ᠮᠠᠷᠠᠮᠪᠠ ᠳᠣᠲᠣᠷ᠎ᠠ ᠪᠠᠨ ᠪᠣᠳᠣᠪᠠᠴᠤ ᠲᠡᠭᠦᠨ ᠢ᠋ᠶ᠋ᠡᠨ ᠢᠯᠡ ᠬᠡᠯᠡᠭᠰᠡᠨ ᠦᠭᠡᠢ᠃
