ᠬᠥᠬᠡᠭᠡ ᠨᠠᠮᠵᠢᠯ ᠮᠣᠩᠭᠣᠯ ᠠᠷᠠᠳ ᠤᠨ ᠦᠯᠢᠭᠡᠷХөхөө Намжил Монгол ардын үлгэр Khukhuu Namjil mongol ardiin ulger
ᠬᠥᠬᠡᠭᠡ ᠨᠠᠮᠵᠢᠯ
ᠮᠣᠩᠭᠣᠯ ᠠᠷᠠᠳ ᠤ᠋ᠨ ᠦᠯᠢᠭᠡᠷ
ᠡᠷᠲᠡ ᠤᠷᠢᠳᠤ ᠶ᠋ᠢᠨ ᠴᠠᠭ ᠲᠤ᠌᠂ ᠮᠣᠩᠭᠣᠯ ᠤ᠋ᠨ ᠵᠡᠭᠦᠨ ᠬᠢᠵᠠᠭᠠᠷ ᠲᠤ᠌ ᠬᠥᠬᠡᠭᠡ ᠨᠠᠮᠵᠢᠯ ᠭᠡᠵᠦ ᠨᠢᠭᠡᠨ ᠰᠠᠢᠨ ᠡᠷ᠎ᠡ ᠪᠠᠢᠵᠠᠢ ᠃ ᠲᠡᠷᠡ ᠦᠨᠡᠬᠡᠷ ᠬᠣᠣᠰ ᠦᠭᠡᠢ ᠰᠠᠢᠬᠠᠨ ᠳᠠᠭᠤᠯᠠᠳᠠᠭ ᠤᠴᠢᠷ ᠠ᠋ᠴᠠ᠂ ᠬᠣᠰᠢᠭᠤ ᠨᠤᠲᠤᠭ ᠲᠠᠭᠠᠨ ᠶᠡᠬᠡᠯ᠎ᠡ ᠠᠯᠳᠠᠷᠰᠢᠭᠰᠠᠨ ᠪᠠᠢᠨ᠎ᠠ᠂ ᠭᠡᠲᠡᠯ᠎ᠡ ᠬᠥᠬᠡᠭᠡ ᠨᠠᠮᠵᠢᠯ ᠴᠡᠷᠢᠭ ᠦ᠋ᠨ ᠠᠯᠪᠠᠨ ᠳ᠋ᠤ᠌ ᠲᠠᠲᠠᠭᠳᠠᠨ᠂ ᠮᠣᠩᠭᠣᠯ ᠤ᠋ᠨ ᠪᠠᠷᠠᠭᠤᠨ ᠬᠢᠵᠠᠭᠠᠷ ᠲᠤ᠌ ᠣᠴᠢᠵᠠᠢ᠃ ᠲᠡᠭᠦᠨ ᠦ᠌ ᠰᠠᠢᠬᠠᠨ ᠳᠠᠭᠤᠯᠠᠳᠠᠭ ᠢ᠋ ᠳᠠᠷᠤᠭ᠎ᠠ ᠨᠢ ᠨᠢᠭᠡ ᠮᠡᠳᠡᠭᠡᠳ᠂ ᠬᠥᠬᠡᠭᠡ ᠨᠠᠮᠵᠢᠯ ᠢ᠋ᠶ᠋ᠠᠷ ᠠᠵᠢᠯ ᠰᠤᠷᠤᠯᠭ᠎ᠠ ᠬᠢᠯᠭᠡᠬᠦ ᠶ᠋ᠢᠨ ᠣᠷᠣᠨ ᠳ᠋ᠤ᠌ ᠭᠤᠷᠪᠠᠨ ᠵᠢᠯ ᠰᠢᠬᠠᠮ ᠵᠥᠪᠬᠡᠨ ᠳᠠᠭᠤᠤ ᠳᠠᠭᠤᠯᠠᠭᠰᠠᠭᠠᠷ ᠪᠠᠢᠵᠠᠢ᠃
ᠴᠡᠷᠢᠭ ᠦ᠋ᠨ ᠠᠯᠪᠠ ᠬᠠᠭᠠᠵᠤ ᠪᠠᠢᠬᠤ ᠳ᠋ᠠᠭᠠᠨ ᠨᠢᠭᠡᠨ ᠰᠠᠢᠬᠠᠨ ᠭᠦᠩᠵᠦ ᠲᠡᠢ ᠲᠠᠨᠢᠯᠴᠠᠵᠤ ᠭᠡᠨ᠎ᠡ᠃ ᠬᠥᠬᠡᠭᠡ ᠨᠠᠮᠵᠢᠯ ᠴᠡᠷᠢᠭ ᠡᠴᠡ ᠬᠠᠯᠠᠭᠳᠠᠵᠤ ᠣᠷᠣᠨ ᠨᠤᠲᠤᠭ ᠲᠠᠭᠠᠨ ᠪᠤᠴᠠᠬᠤ ᠪᠣᠯᠤᠭᠰᠠᠨ ᠳ᠋ᠤ᠌᠂ ᠠᠮᠠᠷᠠᠭ ᠬᠠᠢᠷᠠᠲᠠᠢ ᠭᠦᠩᠵᠦ ᠨᠢ ᠴᠢᠨᠤᠨ ᠬᠠᠷ᠎ᠠ ᠭᠡᠳᠡᠭ ᠮᠣᠷᠢ ᠪᠠᠨ ᠳᠤᠷᠠᠰᠬᠠᠯ ᠪᠣᠯᠭᠠᠨ ᠦᠭᠭᠦᠭᠰᠡᠨ ᠶᠤᠮᠰᠠᠨᠵᠠᠢ᠃
ᠲᠡᠷᠡ ᠴᠢᠨᠤᠨ ᠬᠠᠷ᠎ᠠ ᠮᠣᠷᠢ ᠪᠣᠯ ᠪᠤᠲᠠᠨ ᠤ᠋ ᠦᠨᠳᠦᠰᠦ ᠶ᠋ᠢ ᠪᠤᠯᠭᠤᠷᠠᠲᠠᠯᠠ᠂ ᠪᠤᠭᠤ ᠴᠢᠯᠠᠭᠤ ᠶ᠋ᠢ ᠪᠤᠲᠠᠷᠠᠲᠠᠯ᠎ᠠ᠂ ᠡᠷ᠎ᠡ ᠶ᠋ᠢᠨ ᠴᠢᠯᠠᠭᠤ ᠶ᠋ᠢ ᠳᠡᠯᠪᠡᠷᠡᠲᠡᠯ᠎ᠡ᠂ ᠳᠡᠪᠡᠯ ᠦ᠋ᠨ ᠬᠠᠪᠠᠭᠠᠰᠤ ᠶ᠋ᠢ ᠬᠠᠭᠵᠠᠷᠠᠲᠠᠯᠠ᠂ ᠬᠠᠳᠠᠨ ᠳ᠋ᠤ᠌ ᠬᠠᠯᠲᠤᠷᠢᠳᠠᠭ ᠦᠭᠡᠢ ᠪᠤᠲᠠᠨ ᠳ᠋ᠤ᠌ ᠪᠦᠳᠦᠷᠢᠳᠡᠭ ᠦᠭᠡᠢ ᠬᠠᠲᠠᠷᠢᠳᠠᠭ᠂ ᠵᠢᠭᠦᠷᠲᠡᠨ ᠰᠢᠪᠠᠭᠤᠳ ᠠ᠋ᠴᠠ ᠳᠤᠲᠠᠭᠤ ᠦᠭᠡᠢ ᠂ ᠵᠡᠭᠡᠷ᠎ᠡ ᠮᠣᠷᠢ ᠲᠠᠢ ᠵᠦᠢᠷᠯᠡᠰᠢ ᠦᠭᠡᠢ᠂ ᠠᠳᠤᠭᠤᠨ ᠤ᠋ ᠳᠣᠲᠣᠷ᠎ᠠ ᠭᠠᠭᠴᠠᠭᠠᠷ ᠢ᠋ᠶ᠋ᠠᠨ ᠰᠣᠳᠣᠨ᠂ ᠪᠠᠷᠤᠭ ᠤ᠋ᠨ ᠰᠢᠨᠵᠢ ᠲᠡᠭᠦᠰ ᠪᠦᠷᠢᠳᠦᠭᠰᠡᠨ ᠠᠶᠤᠯᠲᠠᠢ ᠴᠠᠭ ᠲᠤ᠌ ᠨᠢᠰᠦᠨ ᠳᠡᠭᠦᠯᠢᠵᠦ᠂ ᠠᠮᠤᠭᠤᠯᠠᠩ ᠴᠠᠭ ᠲᠤ᠌ ᠠᠯᠬᠤᠭ᠎ᠠ ᠭᠢᠰᠬᠢᠭᠡ ᠪᠡᠷ ᠶᠠᠪᠤᠳᠠᠭ᠃ ᠳᠡᠯᠳᠡᠨ ᠤᠨᠠᠬᠤ ᠳ᠋ᠤ᠌ ᠡᠵᠡᠨ ᠦ᠌ ᠪᠡᠨ ᠲᠥᠯᠥᠭᠡ ᠵᠢᠳᠬᠦᠳᠡᠭ᠂ ᠡᠷ᠎ᠡ ᠬᠥᠮᠦᠨ ᠦ᠌ ᠬᠠᠨᠢ ᠪᠣᠯᠤᠭᠰᠠᠨ ᠡᠢᠮᠦ ᠰᠠᠢᠬᠠᠨ ᠮᠣᠷᠢ ᠶᠤᠮᠰᠠᠨᠵᠠᠢ᠃
ᠬᠥᠬᠡᠭᠡ ᠨᠠᠮᠵᠢᠯ ᠲᠡᠷᠡ ᠮᠣᠷᠢ ᠪᠠᠷ ᠨᠢ ᠶᠠᠪᠤᠵᠤ ᠨᠤᠲᠤᠭ ᠲᠠᠭᠠᠨ ᠢᠷᠡᠬᠦ ᠳ᠋ᠦ᠍ᠨᠢ ᠬᠥᠮᠦᠰ ᠶᠡᠬᠡ ᠰᠣᠨᠢᠷᠬᠠᠨ ᠲᠡᠭᠦᠨ ᠡᠴᠡ ᠥᠭᠡᠷ᠎ᠡ ᠮᠣᠷᠢ ᠤᠨᠤᠬᠤ ᠦᠭᠡᠢ ᠳ᠋ᠦ᠍ᠨᠢ ᠶᠡᠬᠡ ᠭᠠᠢᠬᠠᠳᠠᠭ ᠪᠠᠢᠵᠠᠢ᠃ ᠬᠥᠬᠡᠭᠡ ᠨᠠᠮᠵᠢᠯ ᠴᠢᠨᠤᠨ ᠬᠠᠷ᠎ᠠ ᠮᠣᠷᠢ ᠪᠠᠷ ᠢ᠋ᠶ᠋ᠠᠨ ᠮᠣᠩᠭᠣᠯ ᠤ᠋ᠨ ᠪᠠᠷᠠᠭᠤᠨ ᠬᠢᠵᠠᠭᠠᠷ ᠲᠤ᠌ ᠨᠢᠰᠦᠨ ᠣᠴᠢᠵᠤ᠂ ᠡᠨᠡᠬᠦ ᠭᠦᠩᠵᠦ ᠲᠡᠢ ᠪᠡᠨ ᠠᠭᠤᠯᠵᠠᠭᠠᠳ ᠥᠷᠯᠥᠭᠡ ᠪᠣᠯᠬᠤ ᠳ᠋ᠤᠨᠢ ᠵᠡᠭᠦᠨ ᠬᠢᠵᠠᠭᠠᠷ ᠲᠤ᠌ ᠢᠷᠡᠵᠦ ᠠᠳᠤᠭᠤ ᠪᠠᠨ ᠲᠠᠭᠤᠭᠰᠠᠭᠠᠷ ᠬᠠᠷᠢᠳᠠᠭ ᠪᠠᠢᠵᠠᠢ ᠭᠡᠨ᠎ᠡ᠃ ᠢᠩᠭᠢᠭᠰᠡᠭᠡᠷ ᠭᠤᠷᠪᠠᠨ ᠵᠢᠯ ᠪᠣᠯᠤᠭᠰᠠᠨ ᠴᠤ᠌ ᠲᠡᠭᠦᠨ ᠢ᠋ ᠬᠥᠮᠦᠰ ᠪᠦᠷ ᠮᠡᠳᠡᠳᠡᠭ ᠦᠭᠡᠢ ᠪᠠᠢᠵᠠᠢ᠃ ᠬᠥᠬᠡᠭᠡ ᠨᠠᠮᠵᠢᠯ ᠤ᠋ᠨ ᠬᠢᠨ ᠲᠡᠢ ᠣᠢᠷᠠᠯᠴᠠᠭ᠎ᠠ ᠨᠢᠭᠡᠨ ᠪᠠᠶᠠᠨ ᠠᠢᠯ ᠪᠠᠢᠯ᠎ᠠ᠃ ᠲᠡᠷᠡ ᠪᠠᠶᠠᠨ ᠤ᠋ ᠳ᠋ᠤ᠌ ᠡᠭᠡᠯ ᠣᠯᠠᠨ ᠢ᠋ ᠦᠢᠮᠡᠭᠦᠯᠳᠡᠭ᠂ ᠡᠯᠳᠡᠪ ᠬᠣᠶᠠᠷ ᠢ᠋ ᠪᠤᠰᠠᠨᠢᠭᠤᠯᠳᠠᠭ ᠲᠡᠢᠮᠦ ᠰᠦᠷᠡᠬᠡᠢ ᠬᠣᠪᠴᠢ ᠬᠡᠦᠬᠡᠨ ᠪᠠᠢᠵᠠᠢ᠃ ᠲᠡᠷᠡ ᠬᠣᠪᠴᠢ ᠬᠡᠦᠬᠡᠨ ᠴᠢᠨᠤᠨ ᠬᠠᠷ᠎ᠠ ᠮᠣᠷᠢᠨ ᠤ᠋ ᠡᠭᠡᠯ ᠪᠢᠰᠢ ᠶ᠋ᠢ ᠡᠰᠡ ᠮᠡᠳᠡᠬᠦ ᠪᠣᠯᠤᠭᠰᠠᠨ ᠤᠴᠢᠷ ᠠ᠋ᠴᠠ ᠬᠥᠬᠡᠭᠡ ᠨᠠᠮᠵᠢᠯ ᠳ᠋ᠤ᠌ ᠬᠣᠣᠷ ᠬᠥᠨᠥᠭᠡᠯ ᠬᠦᠷᠭᠡᠬᠦ ᠭᠡᠵᠦ ᠰᠠᠨᠠᠭᠠᠷᠬᠠᠳᠠᠭ ᠪᠣᠯᠤᠯ᠎ᠠ᠃ ᠬᠥᠬᠡᠭᠡ ᠨᠠᠮᠵᠢᠯ ᠦᠳᠡᠰᠢ ᠶᠠᠪᠤᠵᠤ ᠠᠮᠠᠷᠠᠭ ᠬᠠᠢᠷᠠᠲᠤ ᠭᠦᠩᠵᠦ ᠲᠡᠢ ᠪᠡᠨ ᠠᠭᠤᠯᠵᠠᠭᠠᠳ᠂ ᠲᠡᠷᠡ ᠰᠥᠨᠢ ᠪᠤᠴᠠᠬᠤ ᠵᠠᠮ ᠳ᠋ᠠᠭᠠᠨ ᠠᠳᠤᠭᠤ ᠪᠠᠨ ᠲᠠᠭᠤᠭᠰᠠᠭᠠᠷ ᠢᠷᠡᠵᠦ᠂ ᠮᠣᠷᠢᠨ ᠤ᠋ ᠪᠠᠨ ᠬᠥᠯᠥᠰᠥ ᠶ᠋ᠢ ᠨᠠᠮᠳᠠᠭᠠᠳ᠂ ᠦᠷ ᠴᠠᠢᠬᠤ ᠳ᠋ᠤ᠌ ᠮᠣᠷᠢ ᠪᠠᠨ ᠲᠠᠯᠪᠢᠭᠠᠳ ᠭᠡᠷ ᠲᠦ᠍ ᠣᠷᠣᠵᠤ ᠠᠮᠠᠷᠠᠨ ᠰᠠᠭᠤᠵᠤ ᠭᠡᠨ᠎ᠡ᠃ ᠭᠡᠲᠡᠯ᠎ᠡ ᠨᠥᠭᠦᠭᠡ ᠪᠠᠶᠠᠨ ᠠᠢᠯ ᠤ᠋ᠨ ᠬᠣᠪᠴᠢ ᠬᠡᠦᠬᠡᠨ᠂ ᠮᠣᠷᠢᠨ ᠤ᠋ ᠲᠦᠪᠡᠷᠭᠡᠨ ᠢ᠋ ᠰᠣᠨᠣᠰᠴᠤ᠂ ᠬᠥᠬᠡᠭᠡ ᠨᠠᠮᠵᠢᠯ ᠤ᠋ᠨ ᠢᠷᠡᠬᠦ ᠶ᠋ᠢ ᠮᠡᠳᠡᠭᠡᠳ᠂ ᠤᠶᠠᠭᠠᠨ ᠳᠡᠭᠡᠷ᠎ᠡ ᠨᠢ ᠰᠡᠮᠡᠭᠡᠷᠬᠡᠨ ᠣᠴᠢᠪᠠᠯ᠂ ᠰᠠᠢᠬᠠᠨ ᠴᠢᠨᠤᠨ ᠬᠠᠷ᠎ᠠ ᠮᠣᠷᠢ ᠰᠠᠨᠠᠭ᠎ᠠ ᠮᠠᠭᠤᠲᠤ ᠢᠷᠡᠭᠰᠡᠨ ᠢ᠋ ᠮᠡᠳᠡᠭᠰᠡᠨ ᠦᠭᠡᠢ᠂ ᠰᠠᠢᠬᠢ ᠢᠷᠡᠭᠰᠡᠨ ᠭᠡᠵᠦ ᠪᠠᠶᠠᠰᠤᠭᠠᠳ᠂ ᠬᠡᠬᠦᠳᠡᠭ ᠴᠡᠭᠡᠵᠢ ᠪᠡᠨ ᠬᠥᠨᠳᠡᠯᠢᠳᠦᠭᠦᠯᠦᠨ᠂ ᠬᠥᠯᠥᠰᠥ ᠲᠡᠢ ᠪᠡᠶ᠎ᠡ ᠪᠡᠨ ᠰᠢᠯᠡᠭᠡᠨ᠂ ᠭᠠᠵᠠᠷ ᠴᠠᠪᠴᠢᠯᠠᠨ ᠪᠠᠢᠵᠤ᠂ ᠬᠣᠶᠠᠷ ᠰᠤᠭᠤᠨ ᠡᠴᠡ ᠨᠢ ᠡᠷᠴᠢ ᠬᠦᠴᠦ ᠲᠡᠢ ᠵᠢᠭᠦᠷ ᠢ᠋ᠶ᠋ᠡᠨ ᠳᠡᠷᠪᠡᠯᠵᠡᠭᠦᠯᠵᠦ ᠪᠠᠢᠬᠤ ᠶ᠋ᠢ ᠦᠵᠡᠭᠡᠳ᠂ ᠨᠥᠭᠦᠭᠡ ᠬᠣᠪᠴᠢ ᠬᠡᠦᠬᠡᠨ ᠭᠦᠶᠦᠨ ᠢᠷᠡᠵᠦ ᠦᠢᠯᠡ ᠶ᠋ᠢᠨ ᠬᠠᠢᠴᠢ ᠶ᠋ᠢ ᠬᠠᠪᠴᠢᠭᠤᠯᠵᠤ ᠢᠷᠡᠭᠡᠳ᠂ ᠴᠢᠨᠤᠨ ᠬᠠᠷ᠎ᠠ ᠮᠣᠷᠢᠨ ᠤ᠋ ᠵᠢᠭᠦᠷ ᠢ᠋ ᠲᠠᠰᠤ ᠬᠠᠢᠴᠢᠯᠠᠭᠠᠳ ᠬᠠᠶᠠᠴᠢᠬᠠᠵᠠᠢ᠃ ᠰᠠᠢᠬᠠᠨ ᠴᠢᠨᠦᠨ ᠬᠠᠷ᠎ᠠ ᠮᠣᠷᠢ ᠨᠢ ᠰᠢᠳᠢ ᠵᠢᠭᠦᠷ ᠢ᠋ᠶ᠋ᠡᠨ ᠬᠠᠢᠴᠢᠯᠠᠭᠤᠯᠤᠭᠰᠠᠨ ᠠ᠋ᠴᠠ ᠪᠣᠯᠵᠤ ᠤᠳᠠᠯ ᠦᠭᠡᠢ ᠦᠬᠦᠵᠡᠢ᠃
ᠦᠷ ᠴᠠᠢᠬᠤ ᠪᠠᠷ ᠨᠢ ᠮᠣᠷᠢ ᠪᠠᠨ ᠲᠠᠯᠪᠢᠬᠤ ᠭᠡᠵᠦ ᠣᠴᠢᠲᠠᠯ᠎ᠠ ᠦᠨᠡᠨᠴᠢ ᠨᠥᠬᠥᠷ ᠪᠣᠯᠤᠭᠰᠠᠨ ᠰᠠᠢᠬᠢ ᠮᠥᠷ ᠨᠢ ᠤᠶᠠᠭᠠᠨ ᠳᠡᠭᠡᠷ᠎ᠡ ᠦᠬᠦᠭᠰᠡᠨ ᠢ᠋ ᠬᠠᠷᠠᠭᠠᠳ᠂ ᠬᠥᠬᠡᠭᠡ ᠨᠠᠮᠵᠢᠯ ᠤ᠋ᠨ ᠳᠣᠲᠣᠷ᠎ᠠ ᠨᠢ ᠪᠠᠯᠠᠷᠳᠠᠵᠤ ᠭᠠᠰᠢᠭᠤᠳᠠᠯ ᠬᠠᠷᠠᠮᠰᠠᠯ ᠤ᠋ᠨ ᠭᠦᠨ ᠳ᠋ᠦ᠍ ᠣᠷᠣᠵᠠᠢ᠃
ᠬᠥᠬᠡᠭᠡ ᠨᠠᠮᠵᠢᠯ ᠨᠢᠭᠡᠨ ᠡᠳᠦᠷ ᠴᠢᠨᠦᠨ ᠬᠠᠷ᠎ᠠ ᠮᠣᠷᠢᠨ ᠤ᠋ ᠪᠠᠨ ᠲᠣᠯᠣᠭᠠᠢ ᠶ᠋ᠢ ᠳᠠᠭᠤᠷᠢᠶᠠᠯᠭᠠᠨ᠂ ᠮᠣᠳᠣ ᠪᠠᠷ ᠰᠡᠢᠯᠵᠦ᠂ ᠤᠷᠲᠤ ᠲᠠᠢᠰᠢ ᠪᠥᠬᠡᠯᠡᠨ᠂ ᠨᠢᠭᠤᠷ ᠲᠠᠯ᠎ᠠ ᠳ᠋ᠤ᠌ ᠨᠢ ᠰᠠᠷ᠎ᠠ ᠬᠢᠵᠦ᠂ ᠬᠦᠯᠦᠭ ᠰᠠᠢᠬᠢ ᠮᠣᠷᠢᠨ ᠤ᠋ ᠪᠠᠨ ᠰᠢᠷᠢ ᠡᠴᠡ ᠥᠨᠢᠳᠡ ᠶ᠋ᠢᠨ ᠴᠠᠭᠠᠨ ᠰᠢᠷᠠᠯᠠᠵᠤ᠂ ᠮᠢᠨᠳᠠᠰᠤᠨ ᠴᠠᠭᠠᠨ ᠰᠡᠭᠦᠯ ᠡᠴᠡ ᠨᠢ ᠠᠪᠴᠤ᠂ ᠤᠷᠲᠤ ᠲᠠᠢᠰᠢ ᠪᠠᠨ ᠲᠠᠲᠠᠵᠤ᠂ ᠮᠣᠳᠣᠨ ᠤ᠋ ᠳᠠᠪᠠᠷᠬᠠᠢ ᠲᠦᠷᠬᠢᠵᠦ ᠳᠤᠤᠭᠠᠷᠭᠠᠭᠠᠳ ᠂ᠴᠢᠨᠦᠨ ᠬᠠᠷ᠎ᠠ ᠮᠣᠷᠢᠨ ᠤ᠋ ᠪᠠᠨ ᠢᠨᠴᠠᠭᠠᠬᠤ ᠳᠠᠭᠤ᠂ ᠠᠯᠬᠤᠭ᠎ᠠ ᠭᠢᠰᠬᠢᠭᠡ᠂ ᠠᠷᠠᠯᠵᠢᠬᠤ ᠭᠠᠳᠠᠷᠢᠭᠠ ᠶ᠋ᠢ ᠨᠢ ᠲᠡᠷᠡ ᠬᠥᠭᠵᠢᠮ ᠳ᠋ᠡᠭᠡᠨ ᠣᠷᠣᠭᠤᠯᠳᠠᠭ ᠪᠣᠯᠵᠠᠢ ᠭᠡᠨ᠎ᠡ᠃ ᠲᠡᠷᠡ ᠶᠠᠪᠤᠳᠠᠯ ᠠ᠋ᠴᠠ ᠡᠬᠢᠯᠡᠨ ᠮᠣᠷᠢᠨ ᠬᠤᠭᠤᠷ ᠮᠣᠩᠭᠣᠯ ᠳ᠋ᠤ᠌ ᠠᠩᠬ᠎ᠠ ᠡᠭᠦᠰᠴᠦ ᠭᠠᠷᠤᠭᠰᠠᠨ ᠳᠣᠮᠣᠭ ᠲᠠᠢ ᠭᠡᠨ᠎ᠡ᠃
ᠦᠰᠦᠭ ᠠᠮᠢᠯᠠᠭᠤᠯᠤᠭᠴᠢ᠄ ᠤᠤᠭᠠᠨᠵᠢᠳ
ᠦᠰᠦᠭ ᠬᠠᠳᠠᠭᠴᠢ᠄ ᠵᠢᠷᠠᠨᠲᠠᠢ
ᠬᠢᠨᠠᠭᠴᠢ᠄ ᠮᠡᠷᠭᠡᠨᠪᠢᠯᠢᠭ
