ᠪᠤᠷᠠᠨ ᠬᠠᠨ ᠤ᠋ ᠪᠤᠷᠭᠠᠰᠤбуран ханы бургас-ᠣᠷᠳᠣᠰ ᠠᠷᠠᠳ ᠤᠨ ᠳᠠᠭᠤᠤ37
ᠪᠤᠷᠠᠨ ᠬᠠᠨ ᠤ᠋ ᠪᠤᠷᠭᠠᠰᠤ
ᠪᠤᠷᠠᠨ ᠬᠠᠨ ᠤ᠋ ᠪᠤᠷᠭᠠᠰᠤ
ᠬᠡᠳᠦᠢ ᠪᠣᠭᠣᠨᠢ ᠪᠣᠯᠪᠠᠴᠤ
ᠵᠤᠨ ᠤ᠋ ᠭᠤᠷᠪᠠᠨ ᠰᠠᠷ᠎ᠠ ᠳ᠋ᠤ᠌ ᠪᠠᠨ
ᠥᠨᠳᠥᠷᠯᠡᠵᠦ ᠨᠠᠢᠭᠤᠨ᠎ᠠ ᠳ᠋ᠣᠣ
ᠪᠢᠳᠦᠷᠢᠶ᠎ᠡ ᠤᠯᠠᠭᠠᠨ ᠴᠢᠯᠠᠭᠤ ᠨᠢ
ᠬᠡᠳᠦᠢ ᠬᠦᠨᠳᠦ ᠪᠣᠯᠪᠠᠴᠤ
ᠦᠶᠡᠷ ᠦ᠋ᠨ ᠤᠰᠤᠨ ᠤ᠋ ᠬᠦᠴᠦᠨ ᠳ᠋ᠦ᠍
ᠰᠢᠯᠵᠢᠬᠦ ᠯᠡ ᠶᠣ᠌ᠰᠣᠲᠠᠢ
ᠪᠠᠷᠰ ᠤ᠋ᠨ ᠪᠠᠮᠪᠠᠷ ᠢ᠋
ᠪᠠᠷᠢᠶ᠎ᠠ ᠯᠠ ᠭᠡᠪᠡᠯ
ᠪᠠᠭ᠎ᠠ ᠪᠠᠯᠴᠢᠷ ᠪᠠᠢᠬᠤ ᠳ᠋ᠤ᠌
ᠪᠠᠲᠤᠴᠢᠯᠠᠨ ᠪᠠᠷᠢᠯᠲᠠᠢ
ᠪᠠᠭ᠎ᠠ ᠶᠡᠬᠡ ᠬᠥᠮᠦᠨ ᠲᠡᠢ
ᠨᠥᠬᠥᠷᠯᠡᠶ᠎ᠡ ᠭᠡᠪᠡᠯ
ᠪᠠᠷᠳᠠᠮ ᠵᠠᠩ ᠢ᠋ᠶ᠋ᠠᠨ ᠬᠠᠯᠠᠵᠤ
ᠪᠠᠲᠤ ᠰᠡᠳᠬᠢᠯ ᠪᠠᠷᠢᠯᠲᠠᠢ
ᠠᠷᠰᠯᠠᠨ ᠤ᠋ ᠵᠤᠯᠵᠠᠭ᠎ᠠ ᠶ᠋ᠢ
ᠪᠠᠷᠢᠶ᠎ᠠ ᠯᠠ ᠭᠡᠪᠡᠯ
ᠠᠷᠴᠠ ᠶ᠋ᠢᠨ ᠳᠤᠮᠳᠠ ᠪᠠᠢᠬᠤ ᠳ᠋ᠤ᠌
ᠠᠷᠭᠠᠴᠢᠯᠠᠨ ᠪᠠᠷᠢᠯᠲᠠᠢ
ᠠᠬ᠎ᠠ ᠶᠡᠬᠡ ᠬᠥᠮᠦᠨ ᠲᠡᠢ
ᠨᠥᠬᠥᠷᠯᠡᠶ᠎ᠡ ᠭᠡᠪᠡᠯ
ᠠᠷᠳᠠᠭ ᠵᠠᠩ ᠢ᠋ᠶ᠋ᠠᠨ ᠣᠷᠬᠢᠵᠤ
ᠠᠶᠤᠬᠤ ᠰᠡᠳᠬᠢᠯ ᠪᠠᠷᠢᠯᠲᠠᠢ
ᠵᠤᠷᠠ ᠶ᠋ᠢᠨ ᠵᠤᠯᠵᠠᠭ᠎ᠠ ᠶ᠋ᠢ
ᠪᠠᠷᠢᠶ᠎ᠠ ᠯᠠ ᠭᠡᠪᠡᠯ
ᠵᠦᠯᠭᠡ ᠳᠤᠮᠳᠠ ᠪᠠᠢᠬᠤ ᠳ᠋ᠤ᠌
ᠵᠢᠰᠦᠴᠢᠯᠡᠨ ᠪᠠᠷᠢᠯᠲᠠᠢ
ᠵᠢᠰᠦ ᠪᠤᠷᠤᠭᠤ ᠬᠥᠮᠦᠨ ᠲᠡᠢ
ᠨᠥᠬᠥᠷᠯᠡᠶ᠎ᠡ ᠭᠡᠪᠡᠯ
ᠵᠥᠷᠢᠭᠦᠦ ᠵᠠᠩ ᠢ᠋ᠶ᠋ᠠᠨ ᠣᠷᠬᠢᠵᠤ
ᠵᠥᠭᠡᠯᠡᠨ ᠰᠡᠳᠬᠢᠯ ᠪᠠᠷᠢᠯᠲᠠᠢ
