ᠬᠤᠯᠠᠨ ᠬᠣᠩᠭᠣᠷ-ᠡ᠊ ∙ ᠮᠥᠩᠭᠥᠨХулан хонгор_Khulan hongor-Э.Мөнгөн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠠᠨ ᠬᠣᠩᠭᠣᠷ-ᠡ᠊ ∙ ᠮᠥᠩᠭᠥᠨХулан хонгор_Khulan hongor-Э.Мөнгөн

ᠬᠤᠯᠠᠨ ᠬᠣᠩᠭᠣᠷ-ᠡ᠊ ∙ ᠮᠥᠩᠭᠥᠨХулан хонгор_Khulan hongor-Э.Мөнгөн

ᠠᠩᠭᠢᠯᠠᠯ:ᠳᠠᠭᠤᠤ ᠬᠥᠭᠵᠢᠮ
2023-08-29

1148

ᠬᠤᠯᠠᠨ ᠬᠣᠩᠭᠣᠷ

   ᠦᠭᠡ᠄ ᠳ᠂ ᠴᠠᠳᠤᠪ 
   ᠠᠶ᠎ᠠ᠄ ᠭ᠊᠂ ᠳᠠᠷᠮᠠᠵᠠᠭᠳᠠ 
   — ᠮᠥᠩᠭᠦᠨᠴᠢᠮᠡᠭ ᠳᠠᠭᠤᠯᠠᠨ᠎ᠠ 

ᠨᠠᠷᠠᠨ ᠤ᠋ ᠰᠠᠴᠤᠷᠠᠭ ᠰᠢᠩᠭᠡᠭᠡᠭᠰᠡᠨ ᠲᠠᠯ᠎ᠠ ᠳ᠋ᠤ᠌ ᠨᠢ ᠬᠦ 
ᠨᠠᠮ᠎ᠠ ᠶ᠋ᠢ ᠶᠠᠪᠠᠭᠠᠯᠠᠵᠤ ᠬᠠᠶᠠᠭ᠎ᠠ ᠨᠢ ᠦᠭᠡᠢ 
ᠨᠠᠢ᠍ᠮᠠᠨ ᠭᠠᠨᠵᠤᠭ᠎ᠠ ᠬᠠᠶᠠᠯᠠᠮ᠎ᠠ ᠬᠠᠲᠠᠷᠢᠶ᠎ᠠ ᠲᠠᠢ 
ᠨᠠᠰᠤᠨ ᠤ᠋ ᠢᠲᠡᠭᠡᠯᠲᠦ᠂ ᠬᠤᠯᠠᠨ ᠬᠣᠩᠭᠣᠷ ᠮᠢᠨᠢ 

ᠬᠠᠩᠭᠠᠯ ᠨᠠᠰᠤᠨ ᠳ᠋ᠤ᠌ ᠵᠢᠭᠦᠷ ᠨᠡᠮᠡᠵᠦ ᠥᠭᠭᠦᠭᠰᠡᠨ ᠬᠦᠴᠦ ᠲᠡᠢ 
ᠬᠠᠷᠠᠭ᠎ᠠ ᠪᠣᠳᠣᠯ ᠢ᠋ ᠮᠢᠨᠢ ᠰᠤᠩᠭᠠᠵᠤ ᠥᠭᠭᠦᠭᠰᠡᠨ ᠠᠴᠢ ᠲᠠᠢ 
ᠬᠠᠩᠭᠠᠯ ᠨᠠᠰᠤᠨ ᠳ᠋ᠤ᠌ ᠵᠢᠭᠦᠷ ᠨᠡᠮᠡᠵᠦ ᠥᠭᠭᠦᠭᠰᠡᠨ ᠬᠦᠴᠦ ᠲᠡᠢ 
ᠬᠠᠷᠠᠭ᠎ᠠ ᠪᠣᠳᠣᠯ ᠢ᠋ ᠮᠢᠨᠢ ᠰᠤᠩᠭᠠᠵᠤ ᠥᠭᠭᠦᠭᠰᠡᠨ ᠠᠴᠢ ᠲᠠᠢ 

ᠳᠡᠨᠵᠢ ᠶ᠋ᠢᠨ ᠭᠣᠷᠣᠬ᠎ᠠ ᠪᠤᠴᠠᠯᠤᠮᠠᠷ ᠬᠠᠯᠠᠭᠤᠨ ᠳ᠋ᠤ᠌ ᠨᠢ
ᠳᠡᠯ ᠳᠡᠭᠡᠷ᠎ᠡ ᠨᠢ ᠬᠥᠯᠥᠷᠡᠭᠡ ᠨᠢ ᠦᠭᠡᠢ
ᠮᠢᠨᠳᠠᠰᠤᠨ ᠵᠢᠯᠣᠭᠣ ᠶ᠋ᠢ ᠰᠤᠩᠭᠠᠨ ᠬᠠᠲᠠᠷᠢᠬᠤ
ᠮᠢᠩᠭᠠᠨ ᠤ᠋ ᠮᠠᠩᠯᠠᠢ ᠬᠤᠯᠠᠨ ᠬᠣᠩᠭᠣᠷ ᠮᠢᠨᠢ

ᠤᠷᠭᠤᠬᠤ ᠨᠠᠰᠤᠨ ᠳ᠋ᠤ᠌ ᠵᠢᠭᠦᠷ ᠨᠡᠮᠡᠵᠦ ᠥᠭᠭᠦᠭᠰᠡᠨ ᠬᠦᠴᠦ ᠲᠡᠢ
ᠤᠬᠠᠭᠠᠨ ᠰᠠᠨᠠᠭ᠎ᠠ ᠶ᠋ᠢ ᠮᠢᠨᠢ ᠵᠠᠯᠭᠠᠵᠤ ᠥᠭᠭᠦᠭᠰᠡᠨ ᠠᠴᠢ ᠲᠠᠢ
ᠤᠷᠭᠤᠬᠤ ᠨᠠᠰᠤᠨ ᠳ᠋ᠤ᠌ ᠵᠢᠭᠦᠷ ᠨᠡᠮᠡᠵᠦ ᠥᠭᠭᠦᠭᠰᠡᠨ ᠬᠦᠴᠦ ᠲᠡᠢ
ᠤᠬᠠᠭᠠᠨ ᠰᠠᠨᠠᠭ᠎ᠠ ᠶ᠋ᠢ ᠮᠢᠨᠢ ᠵᠠᠯᠭᠠᠵᠤ ᠥᠭᠭᠦᠭᠰᠡᠨ 

ᠠᠴᠢ ᠲᠠᠢ ᠡᠯᠪᠡᠭ ᠪᠤᠯᠠᠭ ᠬᠠᠷᠠᠵᠠᠯᠠᠮᠠᠷ ᠵᠢᠪᠠᠷ ᠲᠤ ᠨᠢ
ᠡᠮᠡᠭᠡᠯ ᠳᠡᠭᠡᠷ᠎ᠡ ᠪᠡᠨ ᠵᠢᠩᠳᠡᠭᠦᠯᠦᠭᠡ ᠨᠢ ᠦᠭᠡᠢ
ᠲᠦᠷᠦᠭᠦᠦ ᠰᠠᠯᠬᠢ ᠶ᠋ᠢ ᠣᠷᠬᠢᠮ᠎ᠠ ᠬᠠᠲᠠᠷᠢᠬᠤ
ᠲᠦᠮᠡᠨ ᠦ᠌ ᠳᠤᠷᠠᠳᠬᠠᠯ ᠬᠤᠯᠠᠨ ᠬᠣᠩᠭᠣᠷ ᠮᠢᠨᠢ

ᠤᠨᠳᠤᠷᠬᠤ ᠨᠠᠰᠤᠨ ᠳ᠋ᠤ᠌ ᠵᠢᠭᠦᠷ ᠨᠡᠮᠡᠵᠦ ᠥᠭᠭᠦᠭᠰᠡᠨ ᠬᠦᠴᠦ ᠲᠡᠢ
ᠤᠷᠮ᠎ᠠ ᠵᠣᠷᠢᠭ ᠢ᠋ ᠮᠢᠨᠢ ᠪᠠᠳᠠᠷᠠᠭᠠᠵᠤ ᠥᠭᠭᠦᠭᠰᠡᠨ 
ᠠᠴᠢ ᠲᠠᠢ ᠤᠨᠳᠤᠷᠬᠤ ᠨᠠᠰᠤᠨ ᠳ᠋ᠤ᠌ ᠵᠢᠭᠦᠷ ᠨᠡᠮᠡᠵᠦ ᠥᠭᠭᠦᠭᠰᠡᠨ ᠬᠦᠴᠦ ᠲᠡᠢ
ᠤᠷᠮ᠎ᠠ ᠵᠣᠷᠢᠭ ᠢ᠋ ᠮᠢᠨᠢ ᠪᠠᠳᠠᠷᠠᠭᠠᠵᠤ ᠥᠭᠭᠦᠭᠰᠡᠨ ᠠᠴᠢ ᠲᠠᠢ

   ᠦᠰᠦᠭ ᠠᠮᠢᠯᠠᠭᠤᠯᠤᠭᠴᠢ᠄ ᠳᠡᠯᠭᠡᠷᠴᠡᠴᠡᠭ
   ᠦᠰᠦᠭ ᠬᠠᠲᠠᠭᠴᠢ᠄ ᠳᠡᠯᠭᠡᠷᠴᠡᠴᠡᠭ
   ᠬᠢᠨᠠᠭᠴᠢ᠄ ᠣᠳᠬᠣᠨᠴᠡᠴᠡᠭ