ᠬᠥᠬᠥᠭᠡ ᠰᠢᠪᠠᠭᠤᠨ ᠤ ᠳᠣᠮᠣᠭХөхөө шувууны домог Khukhuu shuvuunii domog
ᠬᠥᠬᠥᠭᠡ ᠰᠢᠪᠠᠭᠤᠨ ᠤ ᠳᠣᠮᠣᠭ
ᠮᠣᠩᠭᠣᠯ ᠠᠷᠠᠳ ᠦ᠋ᠨ ᠦᠯᠢᠭᠡᠷ
ᠡᠷᠲᠡ ᠤᠷᠢᠳᠤ ᠶ᠋ᠢᠨ ᠴᠠᠭ ᠲᠦ᠍ ᠨᠢᠭᠡᠨ ᠶᠠᠲᠠᠭᠤ ᠡᠬᠡ ᠭᠤᠷᠪᠠᠨ ᠬᠦᠦ ᠶ᠋ᠢᠨ ᠬᠠᠮᠲᠤ ᠠᠮᠢᠳᠤᠷᠠᠨ ᠰᠠᠭᠤᠳᠠᠭ ᠪᠠᠢᠵᠠᠢ᠃ ᠡᠬᠡ ᠨᠢ ᠦᠷ ᠤᠨ ᠭᠡᠭᠡ ᠡᠴᠡ ᠦᠳᠡᠰᠢ ᠶᠢᠨ ᠪᠦᠷᠦᠢ ᠪᠣᠯᠲᠠᠯ᠎ᠠ ᠭᠡᠷ ᠣᠷᠣᠨ ᠤ ᠪᠠᠨ ᠠᠵᠢᠯ ᠢᠶᠠᠨ ᠴᠢᠪᠯᠡᠨ ᠬᠡᠦᠬᠡᠳ ᠦ᠋ᠳ ᠲᠡᠭᠡᠨ ᠤᠮᠳᠠ ᠬᠣᠭᠣᠯᠠ ᠶᠢ ᠨᠢ ᠪᠡᠯᠡᠳᠬᠡᠨ ᠥᠭᠴᠦ᠂ ᠴᠠᠰᠤᠨ ᠳᠤᠮᠳᠠ ᠬᠠᠶᠠᠵᠤ ᠣᠷᠭᠢᠭᠰᠠᠨ ᠭᠤᠲᠤᠯ ᠬᠤᠪᠴᠠᠰᠤ ᠶᠢ ᠨᠢ ᠴᠤᠭᠯᠠᠭᠤᠯᠵᠤ᠂ ᠤᠷᠠᠩᠬᠠᠢ ᠴᠣᠭᠣᠷᠬᠠᠢ ᠶᠢ ᠨᠢ ᠣᠶᠣᠵᠤ᠂ ᠪᠣᠷᠪᠢ ᠪᠣᠬᠢᠰᠬᠢᠯ ᠦᠭᠡᠢ ᠵᠢᠳᠬᠦᠳᠡᠭ ᠶᠤᠮ ᠰᠠᠨᠵᠠᠢ ᠃ ᠬᠠᠷᠢᠨ ᠬᠡᠦᠬᠡᠳ ᠦ᠋ᠳ ᠨᠢ ᠥᠷᠯᠥᠭᠡ ᠡᠴᠡ ᠦᠳᠡᠰᠢ ᠢᠨ ᠪᠥᠷᠦᠢ ᠪᠣᠯᠲᠠᠯ᠎ᠠ ᠴᠠᠰᠤᠨ ᠳᠡᠭᠡᠷ᠎ᠡ ᠡᠷᠬᠡᠯᠡᠵᠦ ᠨᠠᠭᠠᠳᠤᠨ ᠲᠣᠭᠯᠠᠳᠠᠭ ᠪᠠᠢᠵᠠᠢ᠃ ᠡᠬᠡ ᠨᠢ ᠬᠠᠶᠠ ᠬᠡᠦᠬᠡᠳ ᠦ᠋ᠳ ᠡᠴᠡ ᠪᠡᠨ ᠲᠤᠰᠠᠯᠠᠬᠤ ᠶᠢ ᠭᠣᠶᠣᠪᠠᠴᠤ ᠬᠡᠦᠬᠡᠳ ᠦ᠋ᠨ ᠬᠡᠨ ᠨᠢ ᠴᠦ᠍ ᠲᠤᠰᠠᠯᠠᠳᠠᠭ ᠦᠭᠡᠢ《 ᠵᠠᠯᠬᠠᠭᠤ ᠬᠦᠷᠦᠭᠡᠳ ᠂ ᠶᠠᠲᠠᠷᠠᠭᠠᠳ ᠪᠠᠶ᠋ᠢᠨ᠎ᠠ 》ᠭᠡᠬᠦ ᠡᠴᠡ ᠥᠭᠡᠷ᠎ᠡ ᠶᠠᠭᠤ ᠴᠦ᠍ ᠬᠢᠲᠡᠭ ᠦᠭᠡᠢ ᠪᠠᠶ᠋ᠢᠯ᠎ᠠ᠂ ᠴᠠᠭ ᠦ᠋ᠨ ᠠᠶᠠᠰ ᠶ᠋ᠢᠠᠷ ᠬᠡᠦᠬᠡᠳ ᠦ᠋ᠳ ᠮᠠᠨᠢ ᠥᠰᠴᠦ ᠲᠣᠮᠣ ᠪᠣᠯᠵᠤ ᠤᠬᠠᠭᠠᠵᠢᠵᠤ ᠬᠡᠵᠢᠶ᠎ᠡ ᠨᠢᠭᠡᠨ ᠴᠠᠭ ᠡᠵᠢ ᠳᠦ ᠪᠠᠨ ᠲᠤᠰᠠᠯᠠᠬᠤ ᠡᠲᠦᠷ ᠢᠷᠡᠨ᠎ᠡ ᠭᠡᠵᠦ ᠢᠲᠡᠭᠡᠨ᠂ ᠡᠷᠬᠡᠯᠡᠵᠦ ᠲᠣᠭᠯᠠᠵᠤ ᠪᠠᠶ᠋ᠢᠬ᠋᠎ᠠ ᠬᠡᠦᠬᠡᠳ ᠦ᠋ᠳ ᠶ᠋ᠢᠡᠨ ᠬᠠᠷᠠᠭᠠᠳ ᠰᠡᠤᠠᠬᠢᠯ ᠳᠦ ᠪᠠᠨ ᠪᠡᠶᠡᠰᠦᠨ ᠰᠠᠭᠤᠲᠠᠭ ᠪᠠᠶ᠋ᠢᠯ᠎ᠠ᠃
ᠡᠬᠡ ᠨᠢ ᠨᠢᠭᠡ ᠤᠲᠠᠬ᠋᠎ᠠ ᠶᠡᠬᠡᠳᠡ ᠬᠦᠨᠳᠦ ᠪᠠᠷ ᠡᠪᠡᠤᠠᠴᠦ ᠭᠡᠨ᠎ᠡ᠃ ᠶᠠᠲᠠᠷᠠᠵᠤ ᠲᠤᠶ᠋ᠢᠯᠲᠠᠭᠰᠠᠨ ᠬᠥᠭᠡᠷᠦᠬᠦᠢ ᠡᠬᠡ ᠭᠡᠷ ᠡᠴᠡ ᠪᠡᠨ ᠴᠦ᠍ ᠭᠠᠷᠴᠤ ᠴᠢᠲᠠᠬᠤ ᠦᠭᠡᠢ ᠪᠣᠯᠵᠤ ᠲᠣᠯᠣᠭᠠᠢ ᠪᠠᠨ ᠴᠦ᠍ ᠥᠨᠲᠠᠶ᠋ᠢᠯᠭᠡᠬᠦ ᠲᠡᠩᠬᠡᠯ ᠦᠭᠡᠢ ᠪᠣᠯᠵᠤ᠂ ᠥᠯᠥᠰᠴᠦ ᠴᠠᠩᠭᠠᠬᠤ ᠶ᠋ᠢᠨ ᠲᠤᠶ᠋ᠢᠯ ᠪᠣᠯᠤᠭᠰᠠᠨ ᠴᠦ᠍ ᠬᠡᠦᠬᠡᠳ ᠦ᠋ᠳ ᠨᠢ ᠥᠷᠥ ᠡᠪᠡᠳᠴᠦ ᠶᠡᠷᠦ ᠡᠵᠢ ᠶ᠋ᠢ ᠪᠠᠨ ᠬᠠᠶ᠋ᠢᠷᠠᠯᠠᠭᠰᠠᠨ ᠦᠭᠡᠢ᠃ ᠠᠷᠬ᠋᠎ᠠ ᠪᠠᠨ ᠪᠠᠷᠠᠭᠰᠠᠨ ᠡᠵᠢ ᠬᠡᠦᠬᠡᠳ ᠦ᠋ᠳ ᠶ᠋ᠢᠡᠨ ᠳᠠᠭᠤᠲᠠᠭᠠᠳ᠄《 ᠬᠣᠩᠭᠣᠷ ᠬᠥᠭᠡᠷᠦᠬᠦᠨ ᠦᠷᠡᠰ ᠮᠢᠨᠢ᠂ ᠠᠶᠠᠬ᠋᠎ᠠ ᠤᠰᠤ ᠠᠪᠴᠢᠷᠠᠵᠤ ᠠᠭᠠᠷᠠᠭᠰᠠᠨ ᠬᠣᠭᠣᠯᠠᠢ ᠶ᠋ᠢ ᠮᠢᠨᠢ ᠳᠡᠪᠲᠦᠭᠡᠭᠡᠴᠢ! ᠡᠪᠡᠤᠠᠴᠦ ᠵᠣᠪᠠᠭᠰᠠᠨ ᠡᠵᠢ ᠶ᠋ᠢ ᠪᠡᠨ ᠥᠷᠥ ᠡᠪᠡᠳᠴᠦ ᠲᠠᠨᠠᠷ ᠬᠠᠶ᠋ᠢᠷᠠᠯᠠᠭᠠᠴᠢ! ᠭᠣᠣᠯ ᠣᠶ᠋ᠢᠷᠠᠬᠠᠨ ᠪᠠᠶ᠋ᠢᠨ᠎ᠠ ᠰᠢᠳᠡ》 ᠭᠡᠵᠦ ᠬᠡᠴᠢᠨᠡᠬᠡᠨ ᠤᠲᠠᠬ᠋᠎ᠠ ᠭᠤᠶᠤᠭᠰᠠᠨ ᠴᠦ᠍ ᠬᠡᠦᠬᠡᠳ ᠦ᠋ᠳ ᠨᠢ ᠤᠰᠤᠨ ᠳᠦ ᠶᠠᠪᠤᠵᠤ ᠦᠭᠭᠦᠭᠰᠡᠨ ᠦᠭᠡᠢ᠃ ᠡᠪᠡᠤᠠᠴᠢᠨ ᠳᠦ ᠨᠡᠷᠪᠡᠭᠳᠡᠭᠰᠡᠨ ᠡᠵᠢ ᠶ᠋ᠢ ᠪᠡᠨ ᠦᠯ ᠬᠣᠭᠣᠰᠣᠨ ᠣᠷᠬᠢᠭᠠᠳ᠂ ᠴᠠᠰᠤᠨ ᠳᠡᠭᠡᠷ᠎ᠡ ᠭᠤᠯᠭᠤᠵᠤ ᠲᠣᠭᠯᠠᠬᠤ ᠪᠠᠷ ᠶᠠᠪᠤᠭᠠᠳ ᠦᠭᠴᠡᠢ᠃
ᠡᠲᠦᠷᠵᠢᠨ ᠲᠣᠭᠯᠠᠵᠤ ᠶᠠᠲᠠᠷᠠᠭᠰᠠᠨ ᠪᠠᠲᠤᠬᠦᠦ ᠥᠯᠥᠰᠬᠦ ᠶ᠋ᠢᠨ ᠡᠷᠬᠡᠨ ᠳᠦ ᠡᠵᠢ ᠶ᠋ᠢ ᠪᠡᠨ ᠰᠠᠨᠠᠭᠠᠳ ᠨᠠᠪᠰᠠᠶ᠋ᠢᠵᠤ ᠨᠣᠣᠷᠠᠭᠰᠠᠨ ᠭᠡᠷ ᠦ᠋ᠨ ᠶ᠋ᠢᠡᠨ ᠬᠠᠲᠠᠪᠴᠢ ᠪᠠᠷ ᠱᠠᠭᠠᠶ᠋ᠢᠨ ᠬᠠᠷᠠᠲᠠᠯ᠎ᠠ᠂ ᠨᠠᠷᠠᠨ ᠠᠲᠠᠯᠢ ᠭᠡᠷᠡᠯᠲᠦᠲᠡᠭ ᠡᠬᠡ ᠶ᠋ᠢᠨ ᠴᠢᠷᠠᠢ ᠵᠣᠪᠠᠯ ᠭᠤᠨᠢᠭ ᠶ᠋ᠢᠠᠷ ᠳᠦᠭᠦᠷᠴᠦ᠂ ᠤᠷᠲᠤ ᠰᠠᠶ᠋ᠢᠬᠠᠨ ᠦᠰᠦ ᠪᠡᠨ ᠰᠤᠯᠠ ᠲᠠᠯᠪᠢᠨ ᠬᠤᠶ᠋ᠢᠮᠤᠷ ᠦ᠋ᠨ ᠠᠪᠲᠠᠷᠠᠨ ᠪ ᠪᠠᠨ ᠡᠮᠦᠨ᠎ᠡ ᠪᠤᠭᠤ ᠶ᠋ᠢᠨ ᠠᠷᠠᠰᠤᠨ ᠳᠡᠪᠡᠯ ᠡᠮᠦᠰᠴᠢᠬᠡᠭᠰᠡᠨ ᠵᠣᠭᠰᠣᠵᠤ ᠪᠠᠶ᠋ᠢᠵᠠᠢ᠃ ᠬᠦᠦ ᠬᠠᠷᠠᠭᠰᠠᠭᠠᠷ ᠪᠠᠶ᠋ᠢᠲᠠᠯ᠎ᠠ ᠡᠵᠢ ᠶ᠋ᠢᠨ ᠳᠡᠪᠡᠯ ᠥᠳᠥ ᠪᠡᠷ ᠪᠦᠷᠬᠦᠭᠳᠡᠨ ᠰᠢᠪᠠᠭᠤᠨ ᠰᠡᠭᠦᠯ ᠳᠠᠯᠠᠪᠴᠢ ᠤᠷᠭᠤᠨ ᠲᠡᠷᠡ ᠳᠠᠷᠤᠶ᠋ᠢᠬᠠᠨ ᠰᠢᠪᠠᠭᠤ ᠪᠣᠯᠵᠤ ᠬᠤᠪᠢᠷᠠᠭᠠᠳ ᠭᠡᠷ ᠦ᠋ᠨ ᠶ᠋ᠢᠡᠨ ᠲᠣᠭᠣᠨᠣ ᠪᠠᠷ ᠰᠦᠷ ᠰᠠᠷ ᠬᠢᠨ ᠨᠢᠰᠦᠨ ᠭᠠᠷᠤᠯ᠎ᠠ᠃
《 ᠠᠬ᠎ᠠ ᠨᠠᠷ ᠡ! ᠡᠵᠢ ᠰᠢᠪᠠᠭᠤ ᠪᠣᠯᠤᠭᠠᠳ ᠨᠢᠰᠴᠢᠬᠡᠯᠡ》᠂《 ᠡᠵᠢ ᠡ! ᠤᠰᠤ ᠠᠪᠴᠢᠷᠠᠯ᠎ᠠ ᠰᠢᠳᠡ》 ᠭᠡᠵᠦ ᠬᠡᠴᠢᠨᠡᠬᠡᠨ ᠳᠠᠭᠤᠳᠠᠭᠰᠠᠨ ᠴᠦ᠍ ᠨᠢᠭᠡᠨᠲᠡ ᠬᠣᠵᠢᠮᠲᠠᠵᠠᠢ᠃
ᠡᠨᠡ ᠴᠠᠭ ᠡᠴᠡ ᠬᠣᠶ᠋ᠢᠰᠢ ᠬᠥᠬᠥᠭᠡ ᠰᠢᠪᠠᠭᠤ ᠬᠡᠵᠢᠶ᠎ᠡ ᠴᠦ᠍ ᠬᠡᠦᠬᠡᠳ ᠦ᠋ᠨ ᠨᠢᠲᠦᠨ ᠳᠤ ᠬᠠᠷᠠᠭᠲᠠᠲᠠᠭ ᠦᠭᠡᠢ᠂ ᠥᠪᠡᠷᠲᠡᠭᠡᠨ ᠡᠭᠦᠷ ᠵᠠᠰᠠᠵᠤ ᠥᠨᠲᠡᠭᠡ ᠳᠠᠷᠤᠵᠤ ᠠᠩᠭᠠᠬᠠᠢ ᠥᠰᠭᠡᠲᠡᠭ ᠦᠭᠡᠢ᠂ ᠪᠤᠰᠤᠳ ᠦ᠋ᠨ ᠡᠭᠦᠷ ᠲᠤ ᠥᠨᠲᠡᠭᠡ ᠪᠡᠨ ᠦᠯᠡᠲᠡᠭᠡᠲᠡᠭ ᠪᠣᠯᠤᠭᠰᠠᠨ ᠶᠤᠮ ᠭᠡᠨ᠎ᠡ ᠯᠠᠢ!
ᠬᠦᠭᠵᠢᠮ : ᠸ· ᠪᠠᠲᠤᠲᠤᠯᠬ᠋ᠠ
ᠮᠣᠷᠢᠨ ᠬᠤᠭᠤᠷᠴᠢ ᠵᠢᠭ᠌ᠵᠢᠳᠳᠤᠷᠵᠢ ᠳ· ᠣᠷᠭᠢᠯ
ᠳᠠᠭᠤᠤ :ᠢᠨᠵᠧᠨᠧᠷ ᠫ· ᠭᠡᠷᠡᠯᠲᠣᠳᠣ
ᠵᠢᠷᠤᠭᠠᠴᠢ : ᠳ· ᠰᠠᠨᠰᠠᠷᠪᠠᠲᠤ
ᠡᠪᠯᠡᠭᠦᠯᠦᠭᠴᠢ : ᠪ· ᠪᠠᠶᠠᠷᠰᠠᠶ᠋ᠢᠬᠠᠨ
ᠣᠷᠴᠢᠭᠤᠯᠤᠭᠴᠢ : ᠴ· ᠪᠠᠲᠤᠴᠢᠮᠡᠭ ᠪ· ᠠᠯᠲᠠᠨᠵᠤᠯᠠ
ᠦᠭᠦᠯᠡᠭᠴᠢ : ᠪ᠂ ᠣᠳᠬᠤᠨᠪᠠᠲᠤ
ᠦᠰᠦᠭ ᠠᠮᠢᠯᠠᠭᠤᠯᠤᠭᠴᠢ᠄ ᠦᠷᠴᠠᠢᠬᠤ
ᠦᠰᠦᠭ ᠬᠠᠳᠠᠭᠴᠢ᠄ ᠭᠠᠸᠠ᠂ ᠮᠥᠩᠭᠦᠨᠴᠡᠴᠡᠭ
ᠬᠢᠨᠠᠭᠴᠢ᠄ ᠢᠷᠡᠭᠡᠳᠦᠢ ᠂ ᠣᠳᠬᠠᠨᠰᠣ᠎ᠠ᠂ ᠰᠡᠭᠡᠭᠡᠷᠡᠯ᠂ ᠰᠡᠷᠭᠦᠯᠡᠩ
