ᠬᠠᠨ ᠲᠩᠷᠢ ᠠᠯᠠᠱᠠ- ᠰᠠᠷᠠᠨᠲᠤᠶᠠᠭ᠎ᠠХан тэнгэр алшаа-сарантуяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠲᠩᠷᠢ ᠠᠯᠠᠱᠠ- ᠰᠠᠷᠠᠨᠲᠤᠶᠠᠭ᠎ᠠХан тэнгэр алшаа-сарантуяа

ᠬᠠᠨ ᠲᠩᠷᠢ ᠠᠯᠠᠱᠠ- ᠰᠠᠷᠠᠨᠲᠤᠶᠠᠭ᠎ᠠХан тэнгэр алшаа-сарантуяа

ᠠᠩᠭᠢᠯᠠᠯ:ᠳᠠᠭᠤᠤ ᠬᠥᠭᠵᠢᠮ
2023-08-27

520

ᠬᠠᠨ ᠲᠩᠷᠢ ᠠᠯᠠᠱᠠ

         ᠦᠭᠡ᠄ ᠤᠯᠠᠭᠠᠨᠪᠠᠭᠠᠨ᠎ᠠ᠂ ᠰ· ᠮᠠᠰᠢᠪᠢᠯᠢᠭ᠌ 
         ᠠᠶ᠎ᠠ᠄ ᠰ· ᠡᠩᠬᠡᠪᠠᠶᠠᠷ 
         ᠳᠠᠭᠤᠴᠢᠨ᠄ ᠰᠠᠷᠠᠨᠲᠤᠶᠠᠭ᠎ᠠ 
         ᠮᠠᠨᠳᠤᠬᠤ ᠪᠠᠭ᠍ᠰᠢ ᠶᠢᠨ ᠤᠷᠠᠨ ᠪᠢᠴᠢᠯᠭᠡ

ᠠᠯᠤᠰ ᠤᠨ ᠠᠯᠤᠰ ᠤᠨ ᠵᠡᠷᠭᠡᠯᠭᠡᠨ ᠳᠦ 
ᠠᠶᠠᠨ ᠤ ᠴᠣᠪᠣᠭ᠎ᠠ ᠬᠥᠪᠦᠯᠵᠡᠭᠡᠳ ᠪᠠᠢᠨ᠎ᠠ 
ᠠᠶᠠᠨ ᠤ ᠴᠣᠪᠣᠭᠠᠨ ᠤ ᠬᠥᠪᠦᠯᠵᠡᠭᠡᠨ ᠳ᠋ᠤᠨᠢ 
ᠠᠪᠤ ᠶᠢᠨ ᠪᠠᠷ᠎ᠠ ᠰᠦᠮᠡᠯᠵᠡᠭᠡᠳ ᠪᠠᠢᠨ᠎ᠠ 
ᠠᠶᠠᠨ ᠤ ᠴᠣᠪᠤᠭᠠᠨ ᠤ ᠬᠥᠪᠦᠯᠵᠡᠭᠡᠨ ᠳ᠋ᠤᠨᠢ 
ᠠᠪᠤ ᠶᠢᠨ ᠪᠠᠷ᠎ᠠ ᠰᠦᠮᠡᠯᠵᠡᠭᠡᠳ ᠪᠠᠢᠨ᠎ᠠ 
        ᠠᠢ᠂ ᠬᠥᠭᠡᠷᠦᠬᠦᠢ ᠠᠯᠠᠱᠠ ᠮᠢᠨᠢ 
        ᠬᠠᠨ ᠲᠩᠷᠢ ᠠᠯᠠᠱᠠ ᠮᠢᠨᠢ 

ᠡᠯᠢᠭᠡᠨ ᠡᠯᠢᠭᠡᠨ ᠮᠠᠩᠬᠠᠨ ᠳ᠋ᠤᠨᠢ
ᠢᠩᠭᠡᠨ ᠲᠡᠮᠡᠭᠡᠳ ᠪᠣᠢᠯᠠᠭᠠᠳ ᠪᠠᠢᠨ᠎ᠠ
ᠢᠩᠭᠡᠨ ᠲᠡᠮᠡᠭᠡᠳ ᠦᠨ ᠪᠣᠢᠯᠠᠭᠠᠨ ᠳ᠋ᠤᠨᠢ
ᠡᠵᠢ ᠶᠢᠨ ᠪᠦᠪᠡᠢ  ᠦᠭᠡᠢᠯᠡᠭᠡᠳ ᠪᠠᠢᠨ᠎ᠠ
ᠢᠩᠭᠡᠨ ᠲᠡᠮᠡᠭᠡᠳ ᠦᠨ ᠪᠣᠢᠯᠠᠭᠠᠨ ᠳ᠋ᠤᠨᠢ
ᠡᠵᠢ ᠶ᠋ᠢᠨ ᠪᠦᠦᠪᠡᠢ ᠦᠭᠡᠶ᠋ᠢᠯᠡᠭᠡᠳ ᠪᠠᠶ᠋ᠢᠨ᠎ᠠ
         ᠠᠢ᠂ ᠬᠥᠭᠡᠷᠦᠬᠦᠢ ᠠᠯᠠᠱᠠ ᠮᠢᠨᠢ
         ᠬᠠᠨ ᠲᠩᠷᠢ ᠠᠯᠠᠱᠠ ᠮᠢᠨᠢ

ᠵᠢᠷᠠᠨ ᠵᠢᠷᠠᠨ ᠤ ᠨᠠᠭᠤᠷ ᠤᠨ ᠳ᠋ᠤᠨᠢ
ᠵᠢᠷᠭᠠᠯ ᠤᠨ ᠭᠠᠯᠠᠭᠤᠳ ᠭᠠᠩᠭᠠᠨᠠᠭᠠᠳ ᠪᠠᠢᠨ᠎ᠠ
ᠵᠢᠷᠭᠠᠯ ᠤᠨ ᠭᠠᠯᠠᠭᠤᠨ ᠤ ᠭᠠᠩᠭᠠᠨᠠᠭᠠᠨ ᠳ᠋ᠤᠨᠢ
ᠵᠢᠭᠠᠬᠠᠨ ᠵᠢᠷᠦᠬᠡ ᠮᠢᠨᠢ ᠰᠡᠮᠡᠷᠡᠭᠡᠳ ᠪᠠᠢᠨ᠎ᠠ
ᠵᠢᠷᠭᠠᠯ ᠤᠨ ᠭᠠᠯᠠᠭᠤᠨ ᠤ ᠭᠠᠩᠭᠠᠨᠠᠭᠠᠨ ᠳ᠋ᠤᠨᠢ 
ᠵᠢᠭᠠᠬᠠᠨ ᠵᠢᠷᠦᠬᠡ ᠮᠢᠨᠢ ᠰᠡᠮᠡᠷᠡᠭᠡᠳ ᠪᠠᠢᠨ᠎ᠠ
       ᠠᠢ᠂ ᠬᠥᠭᠡᠷᠦᠬᠦᠢ ᠠᠯᠠᠱᠠ ᠮᠢᠨᠢ
       ᠬᠠᠨ ᠲᠩᠷᠢ ᠠᠯᠠᠱᠠ ᠮᠢᠨᠢ

         ᠦᠰᠦᠭ ᠠᠮᠢᠯᠠᠭᠤᠯᠤᠭᠴᠢ᠄ ᠲᠤᠶᠠᠭ᠎ᠠ
         ᠦᠰᠦᠭ ᠬᠠᠳᠠᠭᠴᠢ᠄ ᠮᠠᠨᠳᠤᠬᠤ
         ᠬᠢᠨᠠᠭᠴᠢ᠄ ᠣᠳᠬᠠᠨᠰᠣ᠎ᠠ᠂ ᠭᠠᠷᠮ᠎ᠠ