ᠤᠷᠭᠤᠵᠤ ᠭᠠᠷᠬᠤ ᠨᠠᠷᠠургаж гарах нар-ᠣᠷᠳᠣᠰ ᠠᠷᠠᠳ ᠤᠨ ᠳᠠᠭᠤᠤ34

ᠤᠷᠭᠤᠵᠤ ᠭᠠᠷᠬᠤ ᠨᠠᠷᠠ
ᠤᠷᠭᠤᠵᠤ ᠭᠠᠷᠬᠤ ᠨᠠᠷᠠ
ᠤᠯᠠᠭᠠᠨ ᠡᠭᠦᠯᠡ ᠪᠦᠷᠬᠦᠨ᠎ᠡ ᠳ᠋ᠣᠣ
ᠤᠷᠠᠨ ᠰᠠᠢᠬᠠᠨ ᠤᠬᠠᠭᠠᠨ ᠢ᠋
ᠠᠭᠤᠷ ᠤ᠋ᠨ ᠮᠤᠩᠬᠠᠭ ᠳᠠᠷᠤᠨ᠎ᠠ ᠳ᠋ᠣᠣ
ᠠᠷᠤ ᠰᠢᠯᠢ ᠶ᠋ᠢᠨ ᠲᠠᠷᠢᠶ᠎ᠠ ᠨᠢ
ᠠᠷᠤ ᠳᠠᠢᠰᠢ ᠪᠠᠨ ᠨᠠᠢᠭᠤᠨ᠎ᠠ ᠳ᠋ᠣᠣ
ᠠᠪᠤ ᠶ᠋ᠢᠨ ᠭᠠᠭᠴᠠ ᠦᠷ᠎ᠡ ᠨᠢ
ᠭᠠᠩᠬᠤᠰᠬᠢᠵᠦ ᠮᠣᠷᠳᠠᠨ᠎ᠠ ᠳ᠋ᠣᠣ
ᠥᠪᠥᠷ ᠰᠢᠯᠢ ᠶ᠋ᠢᠨ ᠲᠠᠷᠢᠶ᠎ᠠ ᠨᠢ
ᠥᠪᠥᠷ ᠳᠠᠢᠰᠢ ᠪᠠᠨ ᠨᠠᠢᠭᠤᠨ᠎ᠠ ᠳ᠋ᠣᠣ
ᠡᠵᠢ ᠶ᠋ᠢᠨ ᠭᠠᠭᠴᠠ ᠦᠷ᠎ᠡ ᠨᠢ
ᠭᠠᠩᠬᠤᠰᠬᠢᠵᠦ ᠮᠣᠷᠳᠠᠨ᠎ᠠ ᠳ᠋ᠣᠣ
ᠠᠪᠤ ᠶ᠋ᠢᠨ ᠮᠢᠨᠢ ᠬᠠᠢᠷᠠᠯᠠᠭᠰᠠᠨᠨ
ᠠᠷᠪᠠᠨ ᠰᠢᠷᠭ᠎ᠠ ᠮᠣᠷᠢ
ᠠᠯᠢ ᠶ᠋ᠢ ᠨᠢ ᠪᠠᠷᠢᠭᠠᠳ ᠣᠨᠣᠪᠠᠴᠤ
ᠰᠠᠢᠪᠤᠷ ᠵᠢᠷᠣᠭ᠎ᠠ ᠪᠠᠢᠳᠠᠭ ᠳ᠋ᠣᠣ
ᠡᠵᠢ ᠶ᠋ᠢᠨ ᠮᠢᠨᠢ ᠬᠠᠢᠷᠠᠯᠠᠭᠰᠠᠨ
ᠠᠷᠪᠠᠨ ᠵᠠᠬ᠎ᠠ ᠬᠤᠪᠴᠠᠰᠤ ᠶ᠋ᠢ
ᠠᠯᠢ ᠶ᠋ᠢ ᠨᠢ ᠠᠪᠤᠭᠠᠳ ᠡᠮᠦᠰᠪᠡᠴᠦ
ᠮᠠᠩᠨᠤᠭ ᠲᠣᠷᠭ᠎ᠠ ᠪᠠᠢᠳᠠᠭ ᠳ᠋ᠣᠣ
ᠠᠬ᠎ᠠ ᠶ᠋ᠢᠨ ᠮᠢᠨᠢ ᠬᠠᠢᠷᠠᠯᠠᠭᠰᠠᠨ
ᠠᠷᠪᠠᠨ ᠴᠠᠭᠠᠨ ᠰᠤᠮᠤ ᠨᠢ
ᠠᠯᠢ ᠶ᠋ᠢ ᠨᠢ ᠪᠠᠷᠢᠭᠠᠳ ᠬᠠᠷᠪᠤᠪᠠᠴᠤ
ᠠᠯᠳᠠᠯ ᠦᠭᠡᠢ ᠪᠠᠢᠳᠠᠭ ᠳ᠋ᠣᠣ
ᠪᠡᠷᠭᠡᠨ ᠦ᠌ ᠮᠢᠨᠢ ᠬᠠᠢᠷᠠᠯᠠᠭᠰᠠᠨ
ᠠᠷᠪᠠᠨ ᠵᠦᠢᠷᠡᠢ ᠮᠠᠬᠠᠢ ᠶ᠋ᠢ
ᠠᠯᠢ ᠶ᠋ᠢ ᠨᠢ ᠠᠪᠤᠭᠠᠳ ᠡᠮᠦᠰᠪᠡᠴᠦ
ᠳᠡᠪᠬᠡᠰ ᠭᠡᠵᠦ ᠯᠡ ᠪᠠᠢᠳᠠᠭ ᠳ᠋ᠣᠣ
ᠡᠭᠡᠴᠢ ᠶ᠋ᠢᠨ ᠮᠢᠨᠢ ᠬᠠᠢᠷᠠᠯᠠᠭᠰᠠᠨ
ᠠᠷᠪᠠᠨ ᠳ᠋ᠦᠢᠽᠢ (ᠬᠣᠣᠰ) ᠬᠠᠪᠲᠠᠷᠭᠠ ᠶ᠋ᠢ
ᠠᠯᠢ ᠶ᠋ᠢ ᠨᠢ ᠠᠪᠤᠭᠠᠳ ᠵᠡᠭᠦᠪᠡᠴᠦ
ᠨᠠᠪᠰᠠᠰ ᠭᠡᠵᠦ ᠯᠡ ᠪᠠᠢᠳᠠᠭ ᠳ᠋ᠣᠣ
ᠳᠡᠭᠦᠦ ᠶ᠋ᠢᠨ ᠮᠢᠨᠢ ᠬᠠᠢᠷᠠᠯᠠᠭᠰᠠᠨ
ᠪᠡᠯᠡᠨ ᠲᠣᠷᠭ᠎ᠠ ᠠᠷᠪᠠᠨ ᠳ᠋ᠦᠢ (ᠬᠣᠣᠰ) ᠢ᠋
ᠠᠯᠢ ᠶ᠋ᠢ ᠨᠢ ᠠᠪᠤᠭᠠᠳ ᠵᠡᠭᠦᠪᠡᠴᠦ
ᠨᠠᠪᠰᠠᠰ ᠭᠡᠵᠦ ᠯᠡ ᠪᠠᠢᠳᠠᠭ ᠳ᠋ᠣᠣ
