ᠶᠡᠬᠡ ᠪᠠᠭ᠎ᠠ ᠬᠣᠶᠠᠷ ᠰᠢᠷᠭ᠎ᠠих бага хоёр шарга-ᠣᠷᠳᠣᠰ ᠠᠷᠠᠳ ᠤᠨ ᠳᠠᠭᠤᠤ33
ᠶᠡᠬᠡ ᠪᠠᠭ᠎ᠠ ᠬᠣᠶᠠᠷ ᠰᠢᠷᠭ᠎ᠠ
ᠶᠡᠬᠡ ᠪᠠᠭ᠎ᠠ ᠬᠣᠶᠠᠷ ᠰᠢᠷᠭ᠎ᠠ
ᠢᠵᠢᠯᠢ ᠰᠦᠷᠦᠭ ᠢ᠋ᠶ᠋ᠡᠨ ᠳᠠᠭᠠᠨ᠎ᠠ ᠳ᠋ᠣᠣ
ᠡᠷᠬᠡᠲᠦ ᠯᠠᠮᠠ ᠶ᠋ᠢᠨ ᠬᠣᠶᠠᠷ ᠱᠠᠪᠢ
ᠯᠠᠮᠠ ᠭᠡᠭᠡᠨ ᠢ᠋ᠶ᠋ᠡᠨ ᠳᠠᠭᠠᠨ᠎ᠠ ᠳ᠋ᠣᠣ
ᠨᠣᠭᠲᠤᠨ ᠳ᠋ᠤ᠌ ᠪᠠᠨ ᠵᠣᠬᠢᠷᠠᠭᠰᠠᠨ
ᠨᠣᠮᠢᠨ ᠴᠣᠬᠣᠷ ᠮᠣᠷᠢ ᠮᠢᠨᠢ
ᠨᠣᠶᠠᠨ ᠡᠵᠡᠨ ᠳ᠋ᠦ᠍ ᠪᠡᠨ ᠲᠠᠭᠠᠯᠠᠯ ᠲᠠᠢ
ᠮᠢᠨᠦ ᠨᠢᠭᠡᠨ ᠠᠬ᠎ᠠ
ᠬᠠᠵᠠᠭᠠᠷ ᠲᠤ᠌ ᠪᠠᠨ ᠵᠣᠬᠢᠷᠠᠭᠰᠠᠨ
ᠬᠠᠷ᠎ᠠ ᠴᠣᠬᠣᠷ ᠮᠣᠷᠢ ᠮᠢᠨᠢ
ᠬᠠᠭᠠᠨ ᠡᠵᠡᠨ ᠳ᠋ᠦ᠍ ᠪᠡᠨ ᠲᠠᠭᠠᠯᠠᠯ ᠲᠠᠢ
ᠮᠢᠨᠦ ᠨᠢᠭᠡᠨ ᠠᠬ᠎ᠠ
ᠣᠭᠣᠰᠣᠷ ᠲᠤ᠌ ᠪᠠᠨ ᠵᠣᠬᠢᠷᠠᠭᠰᠠᠨ
ᠣᠯᠠᠨ ᠴᠠᠭᠠᠨ ᠥᠷᠭᠥᠭᠡ
ᠣᠷᠬᠢᠮᠵᠢ ᠳ᠋ᠤ᠌ ᠪᠠᠨ ᠵᠣᠬᠢᠷᠠᠭᠰᠠᠨ
ᠮᠢᠨᠦ ᠨᠢᠭᠡᠨ ᠠᠬ᠎ᠠ
ᠡᠮᠡᠭᠡᠯ ᠳ᠋ᠦ᠍ ᠪᠡᠨ ᠵᠣᠬᠢᠷᠠᠭᠰᠠᠨ
ᠡᠮᠨᠢᠭ ᠰᠢᠷᠭ᠎ᠠ ᠮᠣᠷᠢ
ᠡᠵᠡᠳ ᠲᠦ᠍ ᠪᠡᠨ ᠬᠠᠢᠷᠠᠯᠠᠭᠳᠠᠭᠰᠠᠨ
ᠮᠢᠨᠦ ᠨᠢᠭᠡᠨ ᠠᠬ᠎ᠠ
ᠴᠢᠨᠳᠠᠭᠠᠨ ᠳ᠋ᠤ᠌ ᠪᠠᠨ ᠵᠣᠬᠢᠷᠠᠭᠰᠠᠨ
ᠣᠯᠠᠨ ᠴᠠᠭᠠᠨ ᠥᠷᠭᠥᠭᠡ
ᠵᠠᠩᠴᠢ ᠳ᠋ᠤ᠌ ᠪᠠᠨ ᠵᠣᠬᠢᠷᠠᠭᠰᠠᠨ
ᠮᠢᠨᠦ ᠨᠢᠭᠡᠨ ᠠᠬ᠎ᠠ
ᠡᠷᠡᠭᠡᠰᠦᠨ ᠳ᠋ᠦ᠍ ᠪᠡᠨ ᠵᠣᠬᠢᠷᠠᠭᠰᠠᠨ
ᠣᠯᠠᠨ ᠴᠠᠭᠠᠨ ᠭᠡᠷ
ᠷᠠᠩᠺᠠᠩ ᠳ᠋ᠤ᠌ ᠪᠠᠨ ᠵᠣᠬᠢᠷᠠᠭᠰᠠᠨ
ᠮᠢᠨᠦ ᠨᠢᠭᠡᠨ ᠠᠬ᠎ᠠ
ᠳᠣᠪᠤᠩ ᠳᠡᠭᠡᠷ᠎ᠡ ᠪᠡᠨ ᠵᠣᠬᠢᠷᠠᠭᠰᠠᠨ
ᠳᠣᠯᠣᠭᠠᠨ ᠳᠠᠪᠬᠤᠷ ᠥᠷᠭᠥᠭᠡ
ᠳᠣᠯᠣᠭᠠᠨ ᠬᠤᠰᠢᠭᠤᠨ ᠳ᠋ᠤ᠌ ᠪᠠᠨ ᠨᠡᠷ᠎ᠡ ᠲᠡᠢ
ᠮᠢᠨᠦ ᠨᠢᠭᠡᠨ ᠠᠬ᠎ᠠ
ᠬᠤᠳᠠᠷᠭ᠎ᠠ ᠳ᠋ᠤ᠌ ᠪᠠᠨ ᠵᠣᠬᠢᠷᠠᠭᠰᠠᠨ
ᠬᠤᠯᠠᠨ ᠬᠠᠯᠲᠠᠷ ᠮᠣᠷᠢ ᠮᠢᠨᠢ
ᠬᠤᠪᠢᠯᠭᠠᠨ ᠳ᠋ᠤ᠌ ᠪᠠᠨ ᠲᠣᠬᠢᠷᠠᠭᠰᠠᠨ
ᠮᠢᠨᠦ ᠨᠢᠭᠡᠨ ᠠᠬ᠎ᠠ
ᠠᠯᠲᠠᠨ ᠪᠣᠮᠪᠠᠲᠤ ᠷᠠᠰᠢᠶᠠᠨ
ᠠᠮᠠ ᠠ᠋ᠴᠠ ᠪᠠᠨ ᠮᠡᠯᠮᠡᠷᠡᠮᠡᠷ
ᠠᠯᠲᠠᠨ ᠮᠠᠨᠳᠠᠯ ᠢ᠋ᠶ᠋ᠠᠨ ᠡᠷᠭᠦᠵᠦ
ᠠᠮᠢ ᠨᠠᠰᠤ ᠪᠠᠨ ᠳᠠᠭᠠᠳᠬᠠᠶ᠎ᠠ
ᠮᠥᠩᠭᠥᠨ ᠪᠣᠮᠪᠠᠲᠤ ᠷᠠᠰᠢᠶᠠᠨ
ᠮᠥᠩᠭᠥᠨ ᠡᠴᠡ ᠪᠡᠨ ᠮᠡᠯᠮᠡᠷᠡᠮᠡᠷ
ᠮᠥᠩᠭᠥᠨ ᠮᠠᠨᠳᠠᠯ ᠢ᠋ᠶ᠋ᠠᠨ ᠡᠷᠭᠦᠵᠦ
ᠮᠥᠩᠬᠡ ᠨᠠᠰᠤ ᠪᠠᠨ ᠳᠠᠭᠠᠳᠬᠠᠶ᠎ᠠ
