ᠨᠥᠭᠡᠰ ᠦ᠋ᠨ ᠭᠣᠣᠯ- ᠴᠡᠪᠡᠷᠴᠡᠴᠡᠭНүхсийн гол- цэвэрцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠥᠭᠡᠰ ᠦ᠋ᠨ ᠭᠣᠣᠯ- ᠴᠡᠪᠡᠷᠴᠡᠴᠡᠭНүхсийн гол- цэвэрцэцэг

ᠨᠥᠭᠡᠰ ᠦ᠋ᠨ ᠭᠣᠣᠯ- ᠴᠡᠪᠡᠷᠴᠡᠴᠡᠭНүхсийн гол- цэвэрцэцэг

ᠠᠩᠭᠢᠯᠠᠯ:ᠳᠠᠭᠤᠤ ᠬᠥᠭᠵᠢᠮ
2023-08-25

320

ᠨᠥᠭᠡᠰ ᠦ᠋ᠨ ᠭᠣᠣᠯ

   ᠦᠭᠡ᠄ ᠴᠢᠳᠠᠷᠪᠠᠯ
   ᠠᠶ᠎ᠠ᠄ ᠷᠸ᠋ ᠪᠤᠶᠠᠨ
   ᠳᠠᠭᠤᠴᠢᠨ᠄ ᠴᠡᠪᠡᠷᠴᠡᠴᠡᠭ

ᠮᠠᠯᠴᠢᠨ ᠬᠥᠮᠦᠨ ᠦ᠌ ᠲᠣᠷᠭᠠᠨ ᠮᠡᠯᠮᠡᠢ ᠰᠢᠭ ᠤᠰᠤ ᠨᠢ ᠬᠥ᠋ 
ᠮᠠᠩᠨᠤᠭ ᠭᠣᠪᠢ ᠶ᠋ᠢᠨ ᠠᠮᠢᠨ ᠰᠤᠪᠤᠳ ᠢ᠋ᠶ᠋ᠠᠷ ᠡᠮᠵᠢᠶᠡᠷᠢᠯᠡᠭᠰᠡᠨ
ᠮᠠᠨᠠᠨ ᠠᠷᠢᠯᠤᠭᠰᠠᠨ ᠲᠣᠭᠣᠰ ᠤ᠋ᠨ ᠥᠲᠥᠨ ᠳᠡᠨᠵᠢᠨ ᠳ᠋ᠦ᠍ ᠨᠢ
ᠮᠠᠨᠤ ᠤᠨᠵᠢᠯᠭᠠᠲᠤ ᠬᠠᠢᠯᠠᠰᠤᠨ ᠭᠡᠵᠢᠭᠡ ᠴᠡᠯᠭᠡᠷᠡᠭᠰᠡᠨ
ᠮᠢᠩᠭᠠᠨ ᠣᠨ ᠤ᠋ ᠢᠷᠠᠭᠤ ᠲᠤᠤᠯᠢᠰ ᠲᠠᠢ
ᠮᠠᠩᠬᠠᠨ ᠨᠤᠲᠤᠭ ᠨᠥᠭᠡᠰ ᠦ᠋ᠨ ᠭᠣᠣᠯ ᠮᠢᠨᠢ

ᠪᠤᠷᠵᠠᠩ ᠲᠣᠨᠣᠭᠰᠠᠨ ᠬᠠᠰ ᠤ᠋ᠨ ᠴᠢᠷᠠᠢ ᠲᠠᠢ ᠨᠥᠭᠡᠰ ᠮᠢᠨᠢ
ᠪᠤᠳᠠᠩ ᠬᠠᠢᠴᠢᠯᠠᠨ ᠲᠣᠷᠭᠠᠨ ᠵᠢᠯᠣᠭᠣ ᠰᠤᠩᠭᠠᠭᠰᠠᠨ 
ᠪᠣᠯᠵᠣᠮᠣᠷ ᠳᠠᠭᠤᠯᠠᠭᠰᠠᠨ ᠨᠣᠶᠠᠨ ᠮᠣᠳᠣᠨ ᠤ᠋ ᠡᠯᠢᠭᠡᠨ ᠳ᠋ᠦ᠍ ᠪᠡᠨ
ᠪᠤᠯᠢᠭᠠᠷᠢ ᠭᠤᠲᠤᠯ ᠲᠠᠢ ᠮᠣᠩᠭᠣᠯ ᠲᠤᠭᠤᠷᠭᠠᠲᠠᠨ ᠢ᠋ ᠪᠦᠪᠡᠢᠯᠡᠭᠰᠡᠨ
ᠮᠢᠩᠭᠠᠨ ᠣᠨ ᠤ᠋ ᠢᠷᠠᠭᠤ ᠲᠤᠤᠯᠢᠰ ᠲᠠᠢ
ᠮᠠᠩᠬᠠᠨ ᠨᠤᠲᠤᠭ ᠨᠥᠭᠡᠰ ᠦ᠋ᠨ ᠭᠣᠣᠯ ᠮᠢᠨᠢ

   ᠦᠰᠦᠭ ᠠᠮᠢᠯᠠᠭᠤᠯᠤᠭᠴᠢ᠄ ᠳᠡᠯᠭᠡᠷᠴᠡᠴᠡᠭ
   ᠦᠰᠦᠭ ᠬᠠᠳᠠᠭᠴᠢ᠄ ᠳᠡᠯᠭᠡᠷᠴᠡᠴᠡᠭ
   ᠦᠰᠦᠭ ᠬᠢᠨᠠᠭᠴᠢ᠄ ᠣᠳᠬᠣᠨᠴᠡᠴᠡᠭ