ᠣᠷᠣᠢ ᠦᠭᠡᠢ ᠰᠦᠮ᠎ᠡ – ᠠᠷᠪᠠᠨ ᠨᠢᠭᠡ ᠂ ᠶᠢᠰᠦᠨ ᠮᠡᠩᠭᠡ ᠭᠣᠣᠯᠯᠠᠭᠰᠠᠨ ᠨᠢ Оройгүй сүм – Арван нэг ᠂ Есөн мэнгэ голлосон нь- Oroigui sum 11
ᠠᠷᠪᠠᠨ ᠨᠢᠭᠡ ᠂ ᠶᠢᠰᠦᠨ ᠮᠡᠩᠭᠡ ᠭᠣᠣᠯᠯᠠᠭᠰᠠᠨ ᠨᠢ
ᠡᠭᠡᠨᠡᠭᠲᠡ ᠪᠠᠲᠤ ᠦᠭᠡᠢ ᠶ᠋ᠢᠨ ᠲᠤᠯᠠᠳᠠ ᠨᠠᠰᠤ ᠬᠡᠪᠡᠷᠡᠭ
ᠡᠭᠦᠷᠢᠳᠡ ᠬᠠᠨᠢᠯᠠᠬᠤ ᠦᠭᠡᠢ ᠶ᠋ᠢᠨ ᠲᠤᠯᠠᠳᠠ ᠠᠮᠠᠷᠠᠭ ᠬᠡᠪᠡᠷᠡᠭ
ᠡᠴᠦᠰ ᠲᠡᠭᠡᠨ ᠪᠠᠷᠠᠭᠳᠠᠬᠤ ᠶ᠋ᠢᠨ ᠲᠤᠯᠠᠳᠠ ᠡᠳ᠋ᠯᠡᠯ ᠬᠡᠪᠡᠷᠡᠭ
ᠮᠠᠴᠠᠭ ᠡᠳᠦᠷ ᠪᠠᠢᠯ᠎ᠠ᠃ ᠰᠠᠷ᠎ᠠ ᠪᠦᠷᠢ ᠶ᠋ᠢᠨ ᠨᠠᠢ᠍ᠮᠠᠨ᠂ ᠠᠷᠪᠠᠨ ᠲᠠᠪᠤᠨ ᠭᠤᠴᠢᠨ ᠳ᠋ᠤ᠌ ᠮᠠᠴᠠᠭ ᠡᠳᠦᠷ ᠪᠣᠯᠵᠤ ᠯᠠᠮᠠ ᠨᠠᠷ ᠮᠠᠴᠠᠭ ᠪᠠᠷᠢᠨ᠎ᠠ᠃ ᠡᠨᠡ ᠨᠢ ᠯᠠᠮᠠ ᠬᠥᠮᠦᠨ ᠦ᠌ ᠶᠣᠰᠣ ᠰᠤᠷᠲᠠᠬᠤᠨ ᠤ᠋ ᠵᠢᠷᠤᠮ ᠪᠤᠶᠤ ᠪᠠᠷᠠᠮᠢᠳ ᠤ᠋ᠨ ᠳᠥᠷᠪᠡᠳᠦᠭᠡᠷ ᠳᠦᠷᠢᠮ ᠶᠣᠰᠣᠭᠠᠷ ᠰᠠᠬᠢᠬᠤ ᠤᠴᠢᠷ ᠲᠠᠢ ᠵᠦᠢᠯ᠃ ᠵᠢᠷᠭᠤᠭᠠᠨ ᠭᠣᠣᠯ ᠪᠠᠷᠠᠮᠢᠳ ᠪᠠᠢᠳᠠᠭ ᠤ᠋ᠨ ᠡᠬᠢᠨ ᠦ᠌ ᠬᠢ ᠨᠢ ᠥᠭᠯᠢᠭᠡ ᠪᠠᠷᠠᠮᠢᠳ᠂ ᠳᠠᠷᠠᠭᠠᠬᠢ ᠨᠢ ᠬᠦᠯᠢᠴᠡᠩᠭᠦᠢ ᠪᠠᠷᠠᠮᠢᠳ᠂ ᠭᠤᠷᠪᠠᠳᠠᠬᠢ ᠨᠢ ᠬᠢᠴᠢᠶᠡᠩᠭᠦᠢ ᠪᠠᠷᠠᠮᠢᠳ ᠶᠤᠮ᠃ ᠥᠭᠯᠢᠭᠡᠴᠢ᠂ ᠬᠦᠯᠢᠴᠡᠩᠭᠦᠢ᠂ ᠬᠢᠴᠢᠶᠡᠩᠭᠦᠢ ᠪᠠᠢᠬᠤ ᠶ᠋ᠢᠨ ᠰᠤᠷᠭᠠᠯ ᠮᠥᠨ᠃ ᠮᠠᠴᠠᠭ ᠪᠠᠷᠢᠬᠤ ᠨᠢ ᠳᠥᠷᠪᠡᠳᠦᠭᠡᠷ ᠪᠠᠷᠠᠮᠢᠳ ᠪᠤᠶᠤ ᠱᠠᠭᠱᠠᠪᠠᠳ ᠤ᠋ᠨ ᠶᠣᠰᠣ᠃ ᠥᠭᠡᠷ᠎ᠡ ᠪᠡᠷ ᠬᠡᠯᠡᠪᠡᠯ ᠲᠡᠪᠴᠢᠯᠭᠡ ᠶ᠋ᠢᠨ ᠤᠬᠠᠭᠠᠨ ᠶᠤᠮ᠃ ᠯᠠᠮᠠ ᠬᠥᠮᠦᠨ ᠶᠠᠭᠤᠨ ᠤ᠋ ᠤᠷᠢᠳ ᠮᠢᠬ᠎ᠠ ᠴᠢᠰᠤᠨ ᠳ᠋ᠤ᠌ ᠰᠢᠨᠤᠬᠠᠢ ᠪᠠᠢᠵᠤ ᠪᠣᠯᠳᠠᠭ ᠦᠭᠡᠢ᠃ ᠡᠢᠮᠦ ᠳ᠋ᠦ᠍ ᠮᠠᠴᠠᠭ ᠪᠠᠷᠢᠵᠤ ᠮᠢᠬ᠎ᠠ ᠢᠳᠡᠬᠦ ᠶ᠋ᠢ ᠴᠡᠭᠡᠷᠯᠡᠳᠡᠭ ᠱᠠᠭᠱᠠᠪᠠᠳ ᠪᠣᠢ ᠪᠣᠯᠵᠠᠢ᠃ ᠱᠠᠭᠱᠠᠪᠠᠳ ᠰᠠᠬᠢᠵᠤ ᠴᠢᠳᠠᠳᠠᠭ ᠯᠠᠮᠠ ᠴᠢᠨᠠᠭᠰᠢᠯᠠᠭᠠᠳ ᠲᠡᠢᠨ ᠬᠢᠵᠦ ᠳᠢᠶᠠᠨᠴᠢᠯᠠᠵᠤ ᠴᠢᠳᠠᠨ᠎ᠠ᠃ ᠳᠢᠶᠠᠨᠴᠢᠯᠠᠬᠤ ᠨᠢ ᠬᠥᠮᠦᠨ ᠡᠴᠡ ᠬᠣᠯᠠᠳᠠᠵᠤ ᠭᠠᠭᠴᠠᠭᠠᠷ ᠰᠠᠭᠤᠨ ᠪᠢᠰᠢᠯᠭᠠᠯ ᠦᠢᠯᠡᠳᠬᠦ ᠶ᠋ᠢᠨ ᠨᠡᠷ᠎ᠡ ᠶᠦᠮ᠃ ᠮᠥᠨ ᠲᠡᠷᠡᠴᠢᠯᠡᠨ ᠪᠡᠯᠭᠡ ᠪᠠᠷᠠᠮᠢᠳ ᠪᠤᠶᠤ ᠤᠬᠠᠭᠠᠨ ᠢ᠋ᠶ᠋ᠠᠷ ᠪᠢᠰᠢᠯᠭᠠᠬᠤ ᠶᠣᠰᠣᠨ ᠤ᠋ ᠨᠣᠮ ᠢ᠋ ᠯᠠᠮᠠ ᠬᠥᠮᠦᠨ ᠡᠵᠡᠮᠰᠢᠬᠦ ᠤᠴᠢᠷ ᠲᠠᠢ᠃ ᠡᠢᠮᠦ ᠵᠢᠷᠭᠤᠭᠠᠨ ᠪᠠᠷᠠᠮᠢᠳ ᠤ᠋ᠨ ᠳᠥᠷᠪᠡᠳᠦᠭᠡᠷ ᠢ᠋ ᠰᠠᠬᠢᠬᠤ ᠡᠳᠦᠷ ᠢ᠋ ᠮᠠᠴᠠᠭ ᠪᠠᠷᠢᠬᠤ ᠶᠣᠰᠣ ᠭᠡᠵᠦ ᠯᠠᠮᠠ ᠨᠠᠷ ᠢ᠋ᠶ᠋ᠠᠷ ᠶᠡᠬᠡ ᠯᠡ ᠨᠠᠷᠢᠨ ᠰᠠᠬᠢᠭᠤᠯᠳᠠᠭ ᠪᠣᠯᠠᠢ᠃ ᠰᠠᠩᠵᠢ ᠭᠡᠰᠦᠯ ᠵᠢᠩᠳᠠᠭᠠᠨ ᠤ᠋ ᠨᠥᠬᠥᠳ ᠦ᠋ᠨ ᠬᠠᠮᠲᠤ ᠬᠠᠪᠤᠷ ᠤ᠋ᠨ ᠳᠤᠮᠳᠠ ᠰᠠᠷ᠎ᠠ ᠶ᠋ᠢᠨ ᠨᠠᠢ᠍ᠮᠠᠨ ᠤ᠋ ᠡᠳᠦᠷ ᠦ᠋ᠨ ᠮᠠᠴᠠᠭ ᠪᠠᠷᠢᠬᠤ ᠪᠠᠷ ᠮᠠᠨᠢ ᠶ᠋ᠢᠨ ᠦᠷᠭᠦᠭᠡᠨ ᠳ᠋ᠦ᠍ ᠥᠷᠯᠥᠭᠡ ᠣᠷᠣᠵᠠᠭᠠᠯ᠎ᠠ᠃ ᠪᠠᠭᠰᠢ ᠯᠠᠮᠠ ᠨᠢ ᠲᠡᠳᠡᠨ ᠳ᠋ᠦ᠍ 《ᠮᠠᠨᠢ ᠶ᠋ᠢᠨ ᠴᠤᠢᠭᠤ᠋ 》 ᠭᠡᠳᠡᠭ ᠰᠤᠳᠤᠷ ᠢ᠋ ᠤᠩᠰᠢᠭᠤᠯᠤᠯᠠ᠃ ᠲᠡᠷᠡ ᠰᠤᠳᠤᠷ ᠲᠤ᠌ ᠮᠠᠴᠠᠭ ᠪᠠᠷᠢᠬᠤ ᠪᠤᠶᠤ ᠨᠤᠮᠨᠡᠢ ᠰᠠᠬᠢᠬᠤ ᠵᠢᠷᠤᠮ ᠢ᠋ ᠨᠠᠷᠢᠪᠴᠢᠯᠠᠨ ᠵᠢᠭᠠᠵᠠᠢ᠃ ᠨᠤᠮᠨᠡᠢ ᠰᠠᠬᠢᠬᠤ ᠨᠢ ᠠᠮᠠᠷ ᠦᠭᠡᠢ ᠲᠣᠮᠣ ᠰᠢᠯᠭᠠᠯᠲᠠ ᠭᠡᠳᠡᠭ ᠢ᠋ ᠲᠡᠳᠡᠨ ᠳ᠋ᠦ᠍ ᠣᠢᠯᠠᠭᠠᠭᠤᠯᠵᠤ ᠦᠭᠬᠦᠯ᠎ᠡ᠃
ᠲᠡᠷᠡ ᠰᠥᠨᠢ ᠳ᠋ᠡᠭᠡᠨ ᠨᠣᠢᠷ ᠦᠭᠡᠢ᠂ ᠳᠠᠭᠤ ᠱᠤᠭᠤ ᠦᠭᠡᠢ ᠪᠡᠷ ᠮᠠᠨᠢ ᠶ᠋ᠢᠨ ᠦᠷᠭᠦᠭᠡᠨ ᠳ᠋ᠦ᠍ ᠥᠩᠭᠡᠷᠡᠭᠡᠨ᠎ᠡ᠃ ᠮᠠᠷᠭᠠᠰᠢ ᠨᠢ ᠵᠥᠪᠬᠡᠨ ᠭᠠᠭᠴᠠ ᠤᠳᠠᠭ᠎ᠠ ᠮᠢᠬ᠎ᠠ ᠦᠭᠡᠢ ᠬᠣᠭᠣᠯᠠ ᠢᠳᠡᠨ᠎ᠡ᠃ ᠲᠡᠷᠡ ᠨᠢ ᠵᠣᠷᠪᠠ ᠪᠤᠶᠤ ᠬᠠᠭᠠᠰ ᠮᠠᠴᠠᠭ ᠤ᠋ᠨ ᠡᠳᠦᠷ᠃ ᠲᠡᠭᠦᠨ ᠦ᠌ ᠮᠠᠷᠭᠠᠰᠢ ᠬᠣᠭᠣᠯᠠ ᠢᠳᠡᠬᠦ ᠴᠦ᠍ ᠦᠭᠡᠢ᠂ ᠳᠤᠤᠭᠠᠷᠬᠤ ᠴᠤ᠌ ᠦᠭᠡᠢ᠂ ᠰᠢᠯᠦᠰᠦ ᠪᠡᠨ ᠴᠦ᠍ ᠵᠠᠯᠭᠢᠬᠤ ᠦᠭᠡᠢ ᠥᠩᠭᠡᠷᠡᠬᠦ ᠶᠣᠰᠣᠲᠠᠢ᠃ ᠡᠨᠡ ᠨᠢ ᠵᠢᠩᠬᠢᠨᠢ ᠮᠠᠴᠠᠭ ᠤ᠋ᠨ ᠡᠳᠦᠷ᠃ ᠭᠤᠷᠪᠠᠳᠠᠬᠢ ᠡᠳᠦᠷ ᠨᠢ ᠬᠣᠭᠣᠯᠠᠨ ᠳ᠋ᠤ᠌ ᠡᠷᠭᠢᠨ ᠣᠷᠣᠨ᠎ᠠ᠃ ᠭᠡᠬᠦ ᠳ᠋ᠡᠭᠡᠨ ᠮᠢᠬ᠎ᠠ ᠢᠳᠡᠬᠦ ᠦᠭᠡᠢ᠃ ᠳᠥᠷᠪᠡᠳᠡᠬᠢ ᠡᠳᠦᠷ ᠨᠢ ᠳᠠᠬᠢᠨ ᠮᠠᠴᠠᠭ ᠪᠠᠷᠢᠨ᠎ᠠ᠃ ᠢᠩᠭᠢᠵᠦ ᠡᠭᠡᠯᠵᠢᠯᠡᠨ ᠦᠷᠭᠦᠯᠵᠢᠯᠡᠭᠦᠯᠦᠭᠰᠡᠭᠡᠷ ᠠᠷᠪᠠᠨ ᠵᠢᠷᠭᠤᠭ᠎ᠠ ᠬᠣᠨᠣᠭ ᠮᠠᠴᠠᠭ ᠪᠠᠷᠢᠵᠤ ᠨᠤᠮᠨᠡᠢ ᠰᠠᠬᠢᠨ᠎ᠠ᠃ ᠨᠠᠢ᠍ᠮᠠᠨ ᠨᠤᠮᠨᠡᠢ ᠲᠡᠢᠨ ᠬᠦ᠌ ᠥᠩᠭᠡᠷᠡᠪᠡᠯ ᠲᠡᠷᠡ ᠬᠦ᠌ ᠬᠤᠸᠠᠷᠠᠭ ᠤ᠋ᠨ ᠨᠢᠭᠦᠯ ᠴᠡᠪᠡᠷᠯᠡᠭᠳᠡᠨᠡ᠃ ᠲᠡᠭᠡᠬᠦ ᠳ᠋ᠡᠭᠡᠨ ᠬᠣᠭᠣᠯᠠ ᠢᠳᠡᠭᠰᠡᠨ ᠦ᠌ ᠯᠡ ᠨᠢᠭᠦᠯ ᠦ᠋ᠨ ᠲᠤᠬᠠᠢ ᠳ᠋ᠤ᠌ ᠡᠨᠡ ᠬᠠᠮᠢᠶᠠᠷᠤᠨ᠎ᠠ᠃ ᠡᠢᠮᠦ ᠳᠦᠷᠢᠮ ᠢ᠋ ᠰᠠᠩᠵᠢ ᠭᠡᠰᠦᠯ ᠠᠩᠬ᠎ᠠ ᠤᠳᠠᠭ᠎ᠠ ᠰᠣᠨᠣᠰᠴᠤ ᠪᠠᠢᠭ᠎ᠠ ᠨᠢ ᠡᠨᠡ᠃ ᠤᠷᠢᠳᠤ ᠨᠢ ᠲᠡᠷᠡ ᠮᠠᠴᠠᠭ ᠪᠠᠷᠢᠬᠤ ᠳ᠋ᠤ᠌ ᠶᠣᠰᠣᠭᠠᠷ ᠨᠢ ᠨᠢᠭᠡ ᠶᠡᠬᠡ ᠤᠷᠤᠯᠳᠤᠵᠤ ᠪᠠᠢᠭᠰᠠᠨ ᠦᠭᠡᠢ᠃ ᠭᠠᠭᠴᠠᠬᠦ ᠮᠢᠬ᠎ᠠ ᠦᠭᠡᠢ ᠬᠣᠭᠣᠯᠠ᠂ ᠴᠠᠭᠠᠨ ᠬᠣᠭᠣᠯᠠ ᠢᠳᠡᠬᠦ ᠲᠡᠳᠦᠢ ᠪᠡᠷ ᠬᠢᠵᠠᠭᠠᠷᠯᠠᠭᠳᠠᠵᠤ ᠪᠠᠢᠵᠠᠢ᠃
ᠭᠣᠮᠠᠨ ᠳ᠋ᠠᠴᠠᠩ ᠤ᠋ᠨ ᠯᠢᠨᠰᠠᠷᠠᠢ ᠭᠠᠪᠵᠤ ᠯᠥᠨᠳᠥᠩᠵᠤᠨᠠᠢ ᠭᠡᠭᠴᠢ ᠣᠳᠣ ᠰᠠᠩᠵᠢ ᠭᠡᠰᠦᠯ ᠦ᠋ᠨ ᠨᠣᠮ ᠤ᠋ᠨ ᠪᠠᠭᠰᠢ ᠪᠣᠯᠵᠠᠢ᠃ ᠯᠢᠨᠰᠠᠷᠠᠢ ᠭᠠᠪᠵᠤ ᠪᠣᠯ ᠨᠣᠮ ᠡᠷᠳᠡᠮ᠂ ᠶᠣᠰᠣ ᠵᠠᠢᠭ ᠰᠠᠢᠨ ᠮᠡᠳᠡᠳᠡᠭ᠂ ᠬᠠᠲᠠᠭᠤ ᠭᠠᠷ ᠲᠠᠢ᠂ ᠺᠠᠮᠪᠠ ᠬᠥᠮᠦᠨ ᠶᠦᠮ᠃ ᠥᠭᠡᠷ᠎ᠡ ᠪᠡᠷ ᠬᠡᠯᠡᠪᠡᠯ ᠺᠠᠮ ᠨᠤᠲᠤᠭ ᠤ᠋ᠨ ᠭᠠᠷᠤᠯ ᠲᠠᠢ ᠲᠥᠪᠡᠳ ᠬᠥᠮᠦᠨ ᠠᠵᠠᠢ᠃
ᠯᠥᠨᠳᠥᠩᠵᠤᠨᠠᠢ ᠭᠠᠪᠵᠤ ᠱᠠᠪᠢ ᠨᠠᠷ ᠲᠤ᠌ ᠪᠠᠨ ᠶᠡᠬᠡ ᠬᠠᠲᠠᠭᠤ᠂ ᠪᠠᠰᠠ ᠴᠤ᠌ ᠰᠤᠷᠭᠠᠬᠤ ᠶᠣᠰᠣᠲᠠᠢ ᠭᠡᠰᠡᠨ ᠪᠦᠬᠦᠨ ᠢ᠋ᠶ᠋ᠡᠨ ᠵᠠᠪᠠᠯ ᠰᠤᠷᠭᠠᠳᠠᠭ ᠬᠥᠮᠦᠨ ᠲᠤᠯᠠ ᠵᠢᠷᠭᠤᠭᠠᠨ ᠪᠠᠷᠠᠮᠢᠳ ᠢ᠋ ᠱᠠᠪᠢ ᠪᠣᠯᠭᠠᠨ ᠳ᠋ᠤ᠌ ᠡᠳᠦᠷ ᠲᠤᠲᠤᠮ ᠤ᠋ᠨ ᠬᠡᠪᠰᠢᠯ ᠪᠣᠯᠭᠠᠬᠤ ᠠ᠋ᠴᠠ ᠨᠠᠰᠢ ᠰᠠᠨᠠᠭ᠎ᠠ ᠠᠮᠠᠷᠬᠤ ᠦᠭᠡᠢ ᠨᠢ ᠯᠠᠪᠲᠠᠢ᠃ ᠲᠡᠭᠡᠭᠡᠳ ᠯᠡ ᠡᠨᠡ ᠤᠳᠠᠭ᠎ᠠ ᠱᠠᠭᠱᠠᠪᠠᠳ ᠰᠠᠬᠢᠭᠤᠯᠤᠨ ᠮᠠᠴᠠᠭ ᠪᠠᠷᠢᠭᠤᠯᠬᠤ ᠠᠵᠢᠯ ᠢ᠋ ᠥᠪᠡᠷ ᠢ᠋ᠶ᠋ᠡᠨ ᠭᠠᠷᠳᠠᠨ ᠬᠢᠵᠦ ᠪᠠᠢᠯ᠎ᠠ᠃ ᠯᠢᠨᠰᠠᠷᠠᠢ ᠭᠠᠪᠵᠤ ᠭᠡᠳᠡᠭ ᠪᠣᠯ ᠭᠣᠮᠠᠨ ᠳ᠋ᠠᠴᠠᠩ ᠤ᠋ᠨ ᠬᠠᠮᠪᠤ ᠠ᠋ᠴᠠ ᠤᠤᠯ ᠳ᠋ᠠᠴᠠᠩ ᠳ᠋ᠤ᠌ ᠠᠷᠪᠠᠨ ᠵᠢᠯ ᠨᠣᠮ ᠦᠵᠡᠵᠦ ᠪᠠᠢᠵᠤ ᠠᠪᠤᠭᠰᠠᠨ ᠭᠠᠪᠵᠤ ᠶ᠋ᠢᠨ ᠴᠣᠯᠠ ᠲᠠᠢ ᠬᠥᠮᠦᠨ ᠢ᠋ ᠬᠡᠯᠡᠨ᠎ᠡ᠃ ᠯᠢᠨᠰᠠᠷᠠᠢ ᠭᠠᠪᠵᠤ ᠥᠪᠡᠷ ᠢ᠋ᠶ᠋ᠡᠨ ᠪᠦᠬᠦᠢ ᠯᠡ ᠪᠠᠷᠠᠮᠢᠳ ᠢ᠋ ᠰᠠᠬᠢᠨ ᠥᠩᠭᠡᠷᠡᠭᠰᠡᠨ ᠬᠥᠮᠦᠨ ᠲᠤᠯᠠ ᠱᠠᠪᠢ ᠨᠠᠷ ᠲᠤ᠌ ᠪᠠᠨ ᠮᠥᠨ ᠯᠡ ᠲᠡᠷᠡ ᠵᠠᠮ ᠢ᠋ ᠰᠣᠩᠭᠣᠵᠠᠢ᠃
ᠮᠠᠴᠠᠭ ᠪᠠᠷᠢᠬᠤ ᠳ᠋ᠤ᠌ ᠪᠡᠯᠡᠳᠬᠡᠬᠦ ᠡᠬᠢᠨ ᠦ᠌ ᠰᠥᠨᠢ ᠴᠥᠮ ᠯᠡ ᠰᠠᠭᠤᠭ᠎ᠠ ᠪᠠᠷ ᠢ᠋ᠶ᠋ᠠᠨ ᠨᠣᠢᠷ ᠦᠭᠡᠢ᠂ ᠳᠠᠭᠤ ᠱᠤᠤ ᠦᠭᠡᠢ ᠬᠣᠨᠣᠵᠠᠢ᠃ ᠲᠡᠷᠡ ᠨᠢ ᠠᠰᠤᠷᠤ ᠶᠡᠬᠡ ᠲᠡᠪᠴᠢᠶᠡᠷᠢ ᠱᠠᠭᠠᠷᠳᠠᠭᠰᠠᠨ ᠪᠣᠯᠪᠠᠴᠤ ᠰᠠᠩᠵᠢ ᠭᠡᠰᠦᠯ ᠦ᠋ᠨ ᠵᠢᠩᠳᠠᠭᠠᠨ ᠦ᠌ ᠬᠢᠨ ᠲᠡᠢᠮᠦ ᠰᠢᠯᠭᠠᠯᠲᠠ ᠶ᠋ᠢ ᠲᠠᠨᠤᠭ ᠲᠠᠢ ᠳᠠᠪᠠᠵᠠᠢ᠃
᠁ ᠨᠤᠮᠨᠡᠢ ᠰᠠᠬᠢᠬᠤ ᠵᠠᠩ ᠦᠢᠯᠡ ᠶ᠋ᠢᠨ ᠨᠠᠢ᠍ᠮᠠᠨ ᠮᠥᠴᠡᠯᠭᠡ ᠥᠩᠭᠡᠷᠡᠵᠦ ᠰᠡᠭᠦᠯᠴᠢ ᠶ᠋ᠢᠨ ᠡᠳᠦᠷ ᠪᠣᠯᠵᠤ ᠪᠠᠢᠯ᠎ᠠ᠃ ᠥᠭᠡᠷ᠎ᠡ ᠪᠡᠷ ᠬᠡᠯᠡᠪᠡᠯ ᠠᠷᠪᠠᠨ ᠵᠢᠷᠭᠤᠭᠠᠳᠡᠬᠢ ᠡᠳᠦᠷ᠃ ᠡᠨᠡ ᠡᠳᠦᠷ ᠦ᠋ᠳ ᠲᠦ᠍ ᠰᠠᠩᠵᠢ ᠨᠥᠬᠥᠳ ᠦ᠋ᠨ ᠬᠠᠮᠲᠤ ᠬᠠᠴᠢ ᠭᠦᠷᠭᠦᠮ᠂ ᠱᠠᠨᠴᠠᠢ ᠬᠣᠯᠢᠭᠰᠠᠨ ᠤᠰᠤᠨ ᠵᠤᠲᠠᠩ ᠢᠳᠡᠵᠦ ᠪᠠᠢᠯ᠎ᠠ᠃ ᠬᠣᠶᠠᠷ ᠨᠤᠮᠨᠡᠢ ᠥᠩᠭᠡᠷᠡᠭᠰᠡᠨ ᠦ᠌ ᠳᠠᠷᠠᠭ᠎ᠠ ᠰᠠᠩᠵᠢ ᠭᠡᠰᠦᠯ ᠦ᠋ᠨ ᠪᠡᠶ᠎ᠡ ᠨᠢᠭᠡ ᠯᠡ ᠡᠪ ᠦᠭᠡᠢᠷᠬᠡᠨ ᠰᠤᠯᠢᠳᠠᠭᠰᠠᠭᠠᠷ᠂ ᠰᠡᠭᠦᠯ ᠰᠡᠭᠦᠯ ᠳ᠋ᠡᠭᠡᠨ ᠶᠡᠬᠡᠬᠡᠨ ᠵᠠᠪᠠᠭᠤᠷᠢ ᠲᠠᠢ ᠪᠣᠯᠤᠭᠰᠠᠨ ᠠᠵᠢ᠃ ᠳᠣᠯᠣᠳᠡᠬᠢ ᠨᠤᠮᠨᠡᠢ ᠶ᠋ᠢᠨ ᠦᠶ᠎ᠡ ᠳ᠋ᠦ᠍ ᠬᠠᠷ᠎ᠠ ᠬᠥᠯᠥᠰᠥ ᠨᠢ ᠴᠢᠬᠠᠷᠠᠵᠤ ᠮᠠᠭᠤᠵᠢᠷᠠᠵᠤ ᠤᠨᠠᠮᠠᠷ ᠪᠣᠯᠵᠤ ᠪᠠᠢᠪᠠ᠃ ᠡᠯᠢᠭᠡᠨ ᠳᠡᠭᠡᠷ᠎ᠡ ᠨᠢ ᠮᠤᠰᠬᠢᠷᠠᠨ ᠡᠪᠡᠳᠴᠦ᠂ ᠪᠡᠶ᠎ᠡ ᠨᠢ ᠰᠤᠯᠠᠷᠠᠵᠤ᠂ ᠳᠡᠰᠴᠦ ᠰᠠᠭᠤᠵᠤ ᠴᠢᠳᠠᠬᠤ ᠦᠭᠡᠢ ᠪᠣᠯᠤᠭᠰᠠᠨ ᠴᠤ᠌ ᠭᠡᠰᠡᠨ ᠰᠠᠩᠵᠢ ᠭᠡᠰᠦᠯ ᠲᠡᠰᠦᠭᠰᠡᠭᠡᠷ ᠯᠡ ᠪᠠᠢᠯ᠎ᠠ᠃ ᠲᠡᠭᠡᠲᠡᠯ᠎ᠡ ᠨᠠᠢᠮᠠᠳᠠᠬᠢ ᠨᠤᠮᠨᠡᠢ ᠲᠡᠭᠦᠰᠬᠡᠯ ᠲᠡᠰᠢ ᠤᠢᠷᠠᠲᠤᠬᠤ ᠦᠶ᠎ᠡ ᠳ᠋ᠦ᠍ ᠨᠢᠳᠦᠨ ᠳ᠋ᠦ᠍ ᠨᠢ ᠬᠠᠷ᠎ᠠ ᠨᠣᠭᠣᠭᠠᠨ ᠴᠠᠭᠠᠷᠢᠭ ᠡᠷᠭᠢᠯᠳᠦᠨ ᠦᠵᠡᠭᠳᠡᠬᠦ ᠰᠢᠭ ᠪᠣᠯᠵᠤ᠂ ᠳᠣᠲᠣᠷ᠎ᠠ ᠨᠢ ᠬᠠᠷᠠᠩᠭᠤᠢᠯᠠᠨ᠂ ᠡᠯᠢᠭᠡ ᠪᠡᠷ ᠡᠪᠬᠡᠷᠡᠵᠤ ᠪᠠᠢᠭᠠᠳ ᠶᠠᠭᠤ ᠪᠣᠯᠤᠭᠰᠠᠨ ᠢ᠋ ᠮᠠᠲᠠᠯ ᠦᠭᠡᠢ ᠮᠠᠭᠤᠵᠢᠷᠠᠨ ᠣᠢᠴᠢᠯ᠎ᠠ᠃
ᠯᠠᠮᠠ ᠨᠠᠷ ᠲᠡᠪᠡᠳᠡᠨ ᠰᠠᠨᠳᠤᠷᠵᠠᠭᠠᠵᠤ ᠰᠠᠩᠵᠢ ᠶ᠋ᠢ ᠳᠠᠮᠵᠢᠯᠠᠨ ᠡᠷᠭᠦᠵᠦ ᠭᠠᠳᠠᠭ᠎ᠠ ᠭᠠᠷᠭᠠᠪᠠ᠃ ᠲᠡᠷᠡ ᠳᠠᠷᠤᠢ ᠮᠣᠷᠢᠨ ᠲᠡᠷᠭᠡ ᠪᠡᠷ ᠭᠡᠰᠦᠯ ᠰᠠᠩᠵᠢ ᠶ᠋ᠢ ᠭᠡᠷ ᠲᠦ᠍ ᠨᠢ ᠬᠦᠷᠭᠡᠵᠦ᠂ ᠵᠢᠩᠳᠠᠭᠠᠨ ᠤ᠋ ᠨᠢ ᠨᠥᠬᠥᠳ ᠰᠤᠪᠢᠯᠠᠨ ᠰᠠᠬᠢᠯᠠ᠃ ᠶᠠᠭᠤᠨ ᠤ᠋ ᠤᠷᠢᠳ ᠣᠳᠤᠯᠭ᠎ᠠ ᠦᠢᠯᠡᠳᠪᠡ᠃ ᠣᠳᠤᠯᠭ᠎ᠠ ᠶ᠋ᠢᠨ ᠬᠢᠩᠰᠢᠭᠦᠦ ᠤᠲᠤᠭᠠᠨ ᠢ᠋ᠶ᠋ᠠᠷ ᠰᠡᠭᠡᠭᠡ ᠣᠷᠣᠵᠤ ᠨᠢᠳᠦ ᠪᠡᠨ ᠨᠡᠭᠡᠭᠡᠵᠡᠢ᠃ ᠭᠡᠪᠡᠴᠦ ᠪᠡᠶ᠎ᠡ ᠨᠢ ᠰᠠᠢᠵᠢᠷᠠᠭᠰᠠᠨ ᠦᠭᠡᠢ᠃ ᠣᠷᠣᠢᠬᠠᠨ ᠲᠠᠰᠢ ᠪᠠᠨ ᠪᠠᠭᠰᠢ ᠭᠠᠪᠵᠤ ᠯᠥᠨᠳᠥᠩᠵᠤᠨᠠᠢ ᠵᠠᠯᠠᠷᠠᠨ ᠢᠷᠡᠵᠡᠢ᠃
– ᠠᠮᠠᠨ ᠤ᠋ ᠤᠩᠰᠢᠯᠭ᠎ᠠ ᠴᠢᠨᠢ ᠶᠠᠭᠤ ᠪᠢᠯᠡ? ᠭᠡᠵᠦ ᠲᠡᠷᠡ ᠳᠥᠩᠭᠡᠵᠢ ᠠᠮᠢ ᠭᠣᠣᠯ ᠲᠠᠢ ᠪᠠᠢᠭ᠎ᠠ ᠰᠠᠩᠵᠢ ᠭᠡᠰᠦᠯ ᠡᠴᠡ ᠠᠰᠠᠭᠤᠯ᠎ᠠ᠃ ᠭᠡᠰᠦᠯ ᠠᠷᠠᠢ ᠴᠤ᠌ ᠠᠮᠠ ᠨᠡᠭᠡᠭᠡᠵᠦ᠄
– ᠣᠮ ᠨᠠ ᠮᠠ᠋ ᠱᠠᠳ ᠰᠤᠤᠬ᠎ᠠ! ᠭᠡᠵᠦ ᠳᠤᠤᠭᠠᠷᠤᠯ᠎ᠠ᠃ ᠭᠠᠪᠵᠤ ᠯᠥᠨᠳᠥᠩᠵᠤᠨᠠᠢ《ᠵᠢᠷᠤᠬᠠᠢ ᠶ᠋ᠢᠨ ᠯᠢᠲ᠌ᠸ》 ᠨᠡᠭᠡᠭᠡᠨ ᠦᠵᠡᠭᠰᠡᠨ ᠢ᠋ᠶ᠋ᠡᠨ᠄
– ᠠ᠂ ᠬᠠᠪᠤᠷ ᠤ᠋ᠨ ᠡᠬᠢᠨ ᠰᠠᠷ᠎ᠠ ᠶ᠋ᠢᠨ ᠠᠷᠪᠠᠨ ᠲᠠᠪᠤᠨ ᠳ᠋ᠤ᠌ ᠷᠢᠸᠠᠳᠢ ᠣᠳᠤᠨ᠎ᠠ᠂ ᠴᠢᠨ ᠺᠥᠯᠢᠯ ᠳᠣᠬᠢᠶᠠᠨ ᠲᠥᠷᠥᠵᠡᠢ᠃ ᠡᠮ᠎ᠡ ᠤᠰᠤᠨ ᠭᠠᠬᠠᠢ ᠵᠢᠯ᠃ ᠬᠠᠶᠠᠩᠭᠢᠷᠸᠠ ᠰᠢᠲᠦᠵᠦ ᠶᠠᠪᠤᠬᠤ ᠶᠣᠰᠣᠲᠠᠢ ᠭᠡᠵᠦ ᠠᠮᠠᠨ ᠳᠣᠲᠣᠷ᠎ᠠ ᠪᠠᠨ ᠭᠠᠭᠴᠠᠭᠠᠷ ᠶᠠᠷᠢᠯ᠎ᠠ᠃ ᠲᠡᠭᠡᠭᠡᠳ ᠬᠡᠰᠡᠭ ᠵᠠᠭᠤᠷ᠎ᠠ ᠪᠣᠳᠣᠯᠭᠠᠰᠢᠷᠠᠭᠰᠠᠨ ᠢ᠋ᠶ᠋ᠠᠨ᠄
– ᠵᠢᠯ ᠦ᠋ᠨ ᠶᠢᠰᠦᠨ ᠨᠢᠳᠦ᠂ ᠦᠬᠡᠷ ᠦ᠋ᠨ ᠶᠢᠰᠦᠨ ᠨᠢᠳᠦᠨ ᠳ᠋ᠦ᠍ ᠣᠷᠣᠭᠰᠠᠨ ᠪᠠᠢᠨ᠎ᠠ᠃ ᠤᠤᠯ ᠨᠢ ᠤᠷᠵᠢᠨᠤᠨ ᠯᠠ ᠣᠷᠣᠭᠰᠠᠨ ᠪᠠᠢᠮᠠᠷ ᠶᠤᠮ᠃ ᠲᠡᠭᠡᠬᠦ ᠪᠡᠷ ᠶᠢᠰᠦᠨ ᠨᠢᠳᠦᠨ ᠦ᠌ ᠭᠣᠣᠯᠯᠠᠯᠲᠠ ᠠ᠋ᠴᠠ ᠭᠠᠷᠭᠠᠬᠤ ᠬᠡᠷᠡᠭ ᠲᠡᠢ᠃《ᠮᠡᠩᠭᠡᠨ ᠦ᠌ ᠭᠣᠣᠯ》 ᠤᠩᠰᠢᠬᠤ ᠠ᠋ᠴᠠ ᠠᠷᠭ᠎ᠠ ᠦᠭᠡᠢ᠃ ᠴᠣᠢᠭ ᠤ᠋ᠨ ᠤᠰᠤ ᠪᠡᠯᠡᠳᠬᠡᠵᠡᠭᠡ! ᠭᠡᠵᠦ ᠰᠠᠩᠵᠢ ᠶ᠋ᠢᠨ ᠨᠢᠭᠡ ᠵᠢᠩᠳᠠᠭᠠᠨ ᠤ᠋ ᠬᠢᠨ ᠳ᠋ᠦ᠍ ᠱᠠᠭᠠᠷᠳᠠᠯ᠎ᠠ᠃
ᠮᠡᠩᠭᠡ ᠭᠣᠣᠯᠯᠠᠬᠤ ᠨᠢ ᠬᠥᠮᠦᠨ ᠦ᠌ ᠠᠮᠢᠳᠤᠷᠠᠯ ᠳ᠋ᠤ᠌ ᠶᠢᠰᠦᠨ ᠵᠢᠯ ᠲᠤᠲᠤᠮ ᠨᠢᠭᠡ ᠤᠳᠠᠭ᠎ᠠ ᠲᠣᠬᠢᠶᠠᠯᠳᠤᠬᠤ ᠭᠠᠢ ᠵᠣᠪᠠᠯᠠᠩ ᠶᠤᠮ ᠭᠡᠮᠡᠨ ᠯᠠᠮᠠ ᠨᠠᠷ ᠦᠵᠡᠳᠡᠭ ᠶᠣᠰᠣᠭᠠᠷ ᠭᠡᠰᠦᠯ ᠰᠠᠩᠵᠢ ᠶ᠋ᠢᠨ ᠬᠣᠶᠠᠳᠠᠬᠢ ᠶᠢᠰᠦ ᠨᠢ ᠲᠣᠬᠢᠶᠠᠵᠠᠢ ᠭᠡᠵᠦ ᠭᠠᠪᠵᠤ ᠯᠥᠨᠳᠥᠩᠵᠤᠨᠠᠢ ᠪᠣᠳᠣᠭᠰᠠᠨ ᠶᠤᠮ ᠪᠠᠢᠵᠠᠢ᠃ ᠲᠡᠷᠡᠴᠢᠯᠡᠨ ᠠᠷᠪᠠᠨ ᠬᠣᠶᠠᠷ ᠵᠢᠯ ᠲᠤᠲᠤᠮ ᠬᠥᠮᠦᠨ ᠦ᠌ ᠵᠢᠯ ᠦ᠋ᠨ ᠣᠷᠣᠯᠭ᠎ᠠ ᠲᠣᠬᠢᠶᠠᠨ᠎ᠠ᠃ ᠨᠠᠢ᠍ᠮᠠᠨ ᠮᠠᠬᠠᠪᠣᠳ ᠪᠤᠶᠤ ᠺᠥᠯᠢᠯ᠂ ᠬᠣᠷᠢᠨ ᠨᠠᠢ᠍ᠮᠠᠨ ᠣᠳᠣᠨ ᠤ᠋ ᠲᠣᠬᠢᠶᠠᠯ ᠢ᠋ ᠵᠢᠷᠤᠬᠠᠢ ᠶ᠋ᠢᠨ ᠨᠣᠮᠣᠨ ᠳ᠋ᠤ᠌ ᠵᠢᠭᠠᠭᠰᠠᠨ ᠢ᠋ᠶ᠋ᠠᠷ ᠲᠣᠭᠠᠴᠠᠭᠠᠯᠠᠨ ᠠᠯᠢᠪᠠ ᠬᠥᠮᠦᠨ ᠦ᠌ ᠨᠡᠷ᠎ᠡ᠂ ᠤᠨᠤᠬᠤ ᠮᠣᠷᠢ᠂ ᠰᠢᠲᠦᠬᠦ ᠪᠤᠷᠬᠠᠨ᠂ ᠠᠮᠠᠨ ᠤ᠋ ᠤᠩᠰᠢᠯᠭ᠎ᠠ ᠶ᠋ᠢ ᠲᠣᠳᠣᠷᠬᠠᠢᠯᠠᠨ᠎ᠠ᠃ ᠲᠡᠷᠡ ᠶᠣᠰᠣᠭᠠᠷ ᠭᠡᠰᠦᠯ ᠰᠠᠩᠵᠢ ᠡᠮ᠎ᠡ ᠤᠰᠤᠨ ᠭᠠᠬᠠᠢ ᠵᠢᠯ ᠦᠨ ᠬᠠᠪᠤᠷ ᠤ᠋ᠨ ᠡᠬᠢᠨ ᠰᠠᠷ᠎ᠠ ᠶ᠋ᠢᠨ ᠠᠷᠪᠠᠨ ᠲᠠᠪᠤᠨ ᠳ᠋ᠤ᠌ ᠷᠢᠸᠠᠳᠢ ᠣᠳᠣ᠂ ᠴᠢᠨ ᠺᠥᠯᠢᠯ ᠳᠣᠬᠢᠶᠠᠨ ᠲᠥᠷᠥᠭᠰᠡᠨ ᠲᠤᠯᠠ ᠬᠠᠶᠠᠩᠭᠢᠷᠸᠠ ᠪᠤᠷᠬᠠᠨ ᠰᠢᠲᠦᠵᠦ᠂ ᠬᠥᠬᠡ ᠪᠣᠷᠣ ᠮᠣᠷᠢ ᠭᠣᠣᠯᠴᠢᠯᠠᠨ ᠤᠨᠤᠵᠤ᠂《ᠣᠮ ᠨᠠ ᠮᠠ᠋ ᠱᠠᠳ ᠰᠤᠤᠬ᠎ᠠ 》 ᠭᠡᠳᠡᠭ ᠮᠠᠨᠢ ᠶ᠋ᠢ ᠠᠮᠠᠨ ᠤ᠋ ᠤᠩᠰᠢᠯᠭ᠎ᠠ ᠪᠣᠯᠭᠠᠵᠤ ᠠᠪᠬᠤ ᠶᠣᠰᠣᠲᠠᠢ ᠪᠠᠢᠯ᠎ᠠ᠃
– ᠮᠡᠩᠭᠡ ᠭᠣᠣᠯᠯᠠᠭᠰᠠᠨ ᠲᠤᠯᠠ ᠤᠩᠰᠢᠯᠭ᠎ᠠ ᠶ᠋ᠢ ᠵᠠᠭᠤᠨ ᠨᠠᠢ᠍ᠮᠠᠨ ᠪᠦᠯᠦᠭ ᠳᠦᠭᠦᠷᠭᠡᠨ ᠬᠢᠵᠦ᠂ ᠵᠣᠯᠢᠭ ᠭᠠᠷᠭᠠᠬᠤ ᠦᠭᠡᠢ ᠪᠣᠯ ᠶᠠᠭᠠᠬᠢᠭᠠᠳ ᠴᠤ᠌ ᠲᠡᠰᠬᠦ ᠦᠭᠡᠢ ᠭᠡᠵᠦ ᠯᠥᠨᠳᠥᠩᠵᠤᠨᠠᠢ ᠭᠠᠪᠵᠤ ᠠᠢᠯᠠᠳᠤᠯ᠎ᠠ᠃ ᠨᠢᠭᠡᠨ ᠵᠢᠩᠳᠠᠭᠠᠨ ᠤ᠋ ᠬᠢᠨ ᠨᠢ ᠪᠠᠭᠰᠢ ᠯᠠᠮᠠ ᠶ᠋ᠢᠨ ᠦᠭᠡ ᠪᠡᠷ ᠳᠠᠷᠤᠢ ᠬᠥᠳᠡᠯᠵᠦ ᠤᠩᠰᠢᠯᠭ᠎ᠠ ᠳ᠋ᠤ᠌ ᠪᠡᠯᠡᠳᠬᠡᠵᠦ ᠡᠬᠢᠯᠡᠯ᠎ᠡ᠃
– ᠵᠣᠯᠢᠭ ᠲᠤ᠌ ᠭᠠᠷᠭᠠᠬᠤ ᠶᠠᠭᠤᠮ᠎ᠠ ᠶ᠋ᠢ ᠣᠯᠬᠤ ᠳ᠋ᠤ᠌ ᠪᠡᠷᠬᠡ᠃ ᠡᠢᠮᠦ ᠳ᠋ᠦ᠍ ᠪᠡᠯᠡᠨ ᠭᠠᠵᠠᠷ ᠠ᠋ᠴᠠ ᠣᠯᠵᠤ ᠢᠷ᠎ᠡ᠃ ᠭᠦᠷᠢᠮᠴᠢ ᠫᠠᠭᠪᠠ ᠳ᠋ᠤ᠌ ᠣᠴᠢᠭᠠᠳ ᠬᠡᠯᠡᠪᠡᠯ ᠲᠡᠷᠡ ᠶᠣᠰᠣᠭᠠᠷ ᠨᠢ ᠥᠭᠭᠦᠨ᠎ᠡ ᠭᠡᠵᠦ ᠭᠠᠪᠵᠤ ᠳᠠᠭᠠᠭᠠᠯᠭᠠᠪᠠ᠃ ᠰᠠᠩᠵᠢ ᠶ᠋ᠢᠨ ᠵᠢᠩᠳᠠᠭᠠᠨ ᠤ᠋ ᠨᠥᠬᠥᠷ᠄
– ᠪᠠᠭᠰᠢ ᠠ᠋᠂ ᠶᠠᠭᠤ ᠠᠪᠴᠢᠷᠠᠬᠤ ᠶᠤᠮ ᠪᠣᠢ? ᠭᠡᠵᠦ ᠭᠠᠢᠬᠠᠯ᠎ᠠ᠃
– ᠶᠢᠰᠦᠨ ᠠᠭᠤᠯᠠᠨ ᠠ᠋ᠴᠠ ᠠᠪᠤᠭᠰᠠᠨ ᠰᠢᠷᠣᠢ᠂ ᠶᠡᠬᠡ ᠭᠣᠣᠯ ᠤ᠋ᠨ ᠢᠷᠣᠭᠠᠷ ᠠ᠋ᠴᠠ ᠠᠪᠤᠭᠰᠠᠨ ᠡᠯᠡᠰᠦ᠂ ᠬᠥᠮᠦᠨ ᠣᠷᠣᠰᠢᠭᠤᠯᠭ᠎ᠠ ᠶ᠋ᠢᠨ ᠭᠠᠵᠠᠷ ᠤ᠋ᠨ ᠰᠢᠷᠣᠢ᠂ ᠶᠢᠰᠦᠨ ᠬᠠᠷ᠎ᠠ᠂ ᠶᠢᠰᠦᠨ ᠴᠠᠭᠠᠨ ᠴᠢᠯᠠᠭᠤ᠂ ᠶᠢᠰᠦᠨ ᠡᠷᠯᠢᠭ ᠦ᠋ᠨ ᠵᠢᠷᠤᠭ ᠲᠠᠢ ᠰᠠᠮᠪᠠᠷ᠎ᠠ ᠡᠢᠮᠦ ᠵᠦᠢᠯᠡᠰ ᠮᠡᠩᠭᠡᠨ ᠵᠠᠰᠠᠯᠭᠠᠨ ᠳ᠋ᠤ᠌ ᠣᠷᠣᠳᠠᠭ ᠶᠤᠮ᠃ ᠪᠢ ᠲᠠ ᠨᠠᠷ ᠲᠤ᠌ ᠠᠯᠢ ᠡᠷᠲᠡ ᠵᠢᠭᠠᠭ᠎ᠠ ᠪᠢᠵᠡ ᠳᠡ? ᠭᠡᠵᠦ ᠯᠢᠨᠰᠠᠷᠠᠢ ᠭᠠᠪᠵᠤ ᠠᠭᠤᠷᠲᠠᠶᠠ ᠲᠤᠰᠢᠶᠠᠯ᠎ᠠ᠃ ᠨᠢᠭᠡ ᠱᠠᠪᠢ ᠨᠢ ᠭᠠᠷᠬᠤ ᠪᠠᠷ ᠵᠠᠪᠳᠤᠬᠤ ᠳ᠋ᠤ᠌᠄
– ᠬᠦᠢ ᠠ᠋! ᠫᠠᠭᠪᠠ ᠭᠦᠷᠢᠮᠴᠢ ᠳ᠋ᠦ᠍ ᠬᠡᠯᠡᠭᠡᠷᠡᠢ᠃ ᠴᠦᠮᠡᠷ ᠭᠣᠣᠯ ᠤ᠋ᠨ ᠢᠷᠣᠭᠠᠷ ᠠ᠋ᠴᠠ ᠠᠪᠤᠭᠰᠠᠨ ᠡᠯᠡᠰᠦᠨ ᠡᠴᠡ ᠪᠡᠨ ᠥᠭᠭᠦᠭᠡᠷᠡᠢ᠃ ᠤᠯᠠᠭᠠᠨ ᠥᠩᠭᠡ ᠲᠡᠢ ᠪᠠᠢᠳᠠᠭ ᠶᠤᠮ ᠭᠡᠵᠦ ᠭᠠᠪᠵᠤ ᠨᠡᠮᠡᠵᠦ ᠬᠡᠯᠡᠬᠦ ᠳ᠋ᠦ᠍《ᠴᠦᠮᠡᠷ ᠭᠣᠣᠯ》 ᠭᠡᠰᠡᠨ ᠦᠭᠡ ᠶ᠋ᠢ ᠰᠠᠩᠵᠢ ᠪᠦᠳᠡᠭᠢ ᠰᠣᠨᠣᠰᠤᠭᠠᠳ ᠨᠢᠳᠦᠨ ᠳ᠋ᠦ᠍ ᠨᠢ ᠤᠯᠠᠭᠠᠨ ᠴᠠᠭᠠᠷᠢᠭ ᠡᠷᠭᠢᠯᠳᠦᠨ ᠦᠵᠡᠭᠳᠡᠬᠦ ᠰᠢᠭ ᠪᠣᠯᠵᠤ ᠳᠠᠬᠢᠭᠠᠳ ᠯᠠ ᠤᠬᠠᠭᠠᠨ ᠠᠯᠳᠠᠯ᠎ᠠ᠃ ᠵᠡᠭᠦᠳᠦ ᠨᠣᠢᠷ ᠰᠢᠭ᠋ ᠪᠦᠳᠡᠭᠢ ᠶᠠᠭᠤᠮ᠎ᠠ ᠲᠠᠷᠢᠬᠢᠨ ᠳ᠋ᠤ᠌ ᠨᠢ ᠡᠷᠭᠢᠯᠳᠦᠨ᠎ᠡ᠃ ᠴᠦᠮᠡᠷ ᠭᠡᠳᠡᠭ ᠨᠢ ᠤᠯᠠᠭᠠᠨ ᠮᠥᠷᠡᠨ ᠬᠡᠮᠡᠬᠦ ᠦᠭᠡ ᠶᠦᠮ᠃ ᠲᠡᠭᠦᠨ ᠢ᠋ ᠮᠣᠩᠭᠣᠯᠴᠤᠳ ᠬᠠᠪᠲᠠᠭᠠᠢ ᠤᠯᠠᠭᠠᠨ ᠮᠥᠷᠡᠨ ᠭᠡᠵᠦ ᠨᠡᠷᠡᠯᠡᠨ᠎ᠡ᠃ ᠲᠡᠷᠡ ᠭᠣᠣᠯ ᠢ᠋ᠶ᠋ᠠᠷ ᠮᠣᠷᠢᠲᠠᠢ ᠭᠠᠲᠤᠯᠬᠤ ᠶᠤᠮ ᠤᠤ᠂ ᠤᠨᠤᠭ᠎ᠠ ᠮᠠᠯ ᠣᠢᠴᠢᠬᠤ ᠳ᠋ᠤ᠌ ᠢᠷᠣᠭᠠᠷ ᠤ᠋ᠨ ᠤᠯᠠᠭᠠᠨ ᠡᠯᠡᠰᠦ ᠨᠢ ᠬᠤᠢᠯᠠᠷᠠᠨ ᠪᠣᠰᠴᠤ ᠶᠠᠭ ᠯᠠ ᠴᠢᠰᠤ ᠪᠠᠷ ᠡᠷᠭᠢᠯᠳᠦᠬᠦ ᠰᠢᠭ ᠪᠣᠯᠳᠠᠭ ᠠᠵᠢ᠃ ᡀᠠᠰᠠ ᠣᠷᠣᠬᠤ ᠪᠠᠷ ᠢᠷᠡᠵᠦ ᠶᠠᠪᠤᠬᠤ ᠵᠠᠮ ᠳ᠋ᠤ᠌ ᠬᠠᠪᠲᠠᠭᠠᠢ ᠤᠯᠠᠭᠠᠨ ᠮᠥᠷᠡᠨ ᠦ᠌ ᠡᠷᠭᠢ ᠳᠡᠭᠡᠷ᠎ᠡ ᠡᠴᠡ ᠥᠯᠵᠡᠢ ᠶ᠋ᠢᠨ ᠮᠣᠷᠢ ᠬᠥᠯ ᠠᠯᠳᠠᠵᠤ ᠤᠰᠤᠨ ᠳ᠋ᠤ᠌ ᠣᠢᠴᠢᠴᠢᠬᠠᠭᠰᠠᠨ ᠪᠢᠯᠡ᠃ ᠲᠡᠷᠡ ᠭᠣᠣᠯ ᠳ᠋ᠤ᠌ ᠤᠯᠠᠭᠠᠨ ᠢ᠋ᠶ᠋ᠠᠷ ᠡᠷᠭᠢᠯᠳᠦᠨ ᠪᠤᠵᠢᠭᠢᠨᠠᠭᠰᠠᠨ ᠤᠯᠠᠪᠤᠷ ᠰᠢᠷ᠎ᠠ ᠴᠦᠩᠬᠦᠯ ᠭᠠᠷᠴᠤ ᠦᠵᠡᠭᠳᠡᠬᠦ ᠳ᠋ᠦ᠍ ᠰᠠᠩᠵᠢ ᠭᠡᠰᠦᠯ ᠴᠣᠴᠢᠨ ᠠᠶᠤᠵᠤ ᠪᠢᠯᠡ᠃ ᠲᠡᠷᠡ ᠪᠦᠬᠦᠨ ᠭᠡᠰᠦᠯ ᠦ᠋ᠨ ᠪᠦᠷᠬᠦᠭ ᠣᠶᠤᠨ ᠳ᠋ᠤ᠌ ᠳᠠᠬᠢᠨ ᠳᠦᠷᠡᠯᠵᠡᠨ ᠠᠰᠠᠵᠤ ᠤᠯᠠᠭᠠᠨ ᠢ᠋ᠶ᠋ᠠᠷ ᠡᠷᠭᠢᠯᠳᠦᠬᠦ ᠰᠢᠭ ᠪᠣᠯᠵᠠᠢ᠃
– ᠭᠡᠰᠦᠯ ᠦ᠋ᠨ ᠳᠦᠷᠰᠦ ᠶ᠋ᠢ ᠭᠤᠯᠢᠷ ᠢ᠋ᠶ᠋ᠠᠷ ᠦᠢᠯᠡᠳ᠃ ᠬᠤᠪᠴᠠᠰᠤ ᠶ᠋ᠢ ᠨᠢ ᠳᠠᠭᠤᠷᠢᠶᠠᠯᠭᠠᠨ ᠬᠢᠬᠦ ᠶᠣᠰᠣᠲᠠᠢ᠃ ᠬᠠᠷ᠎ᠠ᠂ ᠴᠠᠭᠠᠨ ᠬᠣᠶᠠᠷ ᠠᠷᠠᠰᠤ ᠬᠡᠷᠡᠭ ᠪᠣᠯᠤᠨ᠎ᠠ᠃ ᠣᠯᠵᠤ ᠢᠷ᠎ᠡ ᠭᠡᠵᠦ ᠥᠭᠡᠷ᠎ᠡ ᠨᠢᠭᠡ ᠱᠠᠪᠢ ᠳ᠋ᠠᠭᠠᠨ ᠭᠠᠪᠵᠤ ᠯᠠᠮᠠᠳᠠᠨ ᠲᠤᠰᠢᠶᠠᠯ᠎ᠠ᠃ ᠭᠠᠪᠵᠤ ᠯᠥᠨᠳᠥᠩᠵᠤᠨᠠᠢ ᠪᠤᠰᠤᠳ ᠤᠩᠰᠢᠯᠭ᠎ᠠ ᠶ᠋ᠢ ᠬᠢᠬᠦ ᠪᠡᠷ ᠰᠠᠭᠤᠯ᠎ᠠ᠃ ᠨᠢᠳᠦ ᠪᠡᠨ ᠬᠠᠭᠠᠰ ᠠᠨᠢᠭᠠᠳ᠄
– ᠶᠡᠬᠡ ᠮᠠᠬᠠᠷᠠᠨᠽᠠ ᠲᠩᠷᠢ ᠮᠢᠨᠢ ᠠ᠋᠂ ᠸᠢᠷᠢᠲ᠋ᠡᠺᠢ᠂ ᠸᠢᠷᠥᠲ᠋ᠠᠺᠱᠢ᠂ ᠸᠠᠶᠢᠰᠲᠷᠠᠪᠠᠨᠢ ᠲᠩᠷᠢ ᠨᠦ᠍ᠭᠦᠳ ᠮᠢᠨᠢ ᠠ᠋! ᠭᠡᠵᠦ ᠲᠡᠷᠡ ᠤᠩᠰᠢᠯᠭ᠎ᠠ ᠪᠠᠨ ᠡᠬᠢᠯᠡᠯ᠎ᠡ᠃ ᠯᠠᠮᠠ ᠶ᠋ᠢᠨ ᠤᠩᠰᠢᠯᠭ᠎ᠠ ᠨᠡᠯᠢᠶᠡᠳ ᠤᠳᠠᠭᠠᠨ ᠦᠷᠭᠦᠯᠵᠢᠯᠡᠬᠦ ᠬᠣᠭᠣᠷᠣᠨᠳᠣ ᠰᠠᠩᠵᠢ ᠭᠡᠰᠦᠯ ᠦ᠋ᠨ ᠨᠢᠭᠡ ᠵᠢᠩᠳᠠᠭᠠᠨ ᠤ᠋ ᠬᠢᠨ 《ᠮᠡᠩᠭᠡᠨ ᠵᠠᠰᠠᠯ 》 ᠳ᠋ᠤ᠌ ᠪᠡᠯᠡᠳᠬᠡᠵᠦ ᠱᠠᠭᠠᠷᠳᠠᠯᠭ᠎ᠠ ᠲᠠᠢ ᠪᠦᠬᠦ ᠶᠠᠭᠤᠮ᠎ᠠ ᠶ᠋ᠢ ᠪᠦᠷᠢᠳᠦᠭᠦᠯᠵᠡᠢ᠃
– ᠬᠠᠷ᠎ᠠ ᠴᠠᠭᠠᠨ ᠬᠣᠶᠠᠷ ᠠᠷᠠᠰᠤ ᠶ᠋ᠢ ᠲᠡᠨᠳᠡ ᠳᠡᠯᠪᠢ᠃ ᠬᠠᠷ᠎ᠠ ᠠᠷᠠᠰᠤᠨ ᠳᠡᠭᠡᠷ᠎ᠡ ᠮᠡᠩᠭᠡ ᠭᠣᠣᠯᠯᠠᠭᠴᠢ ᠶ᠋ᠢ ᠰᠠᠭᠤᠯᠭ᠎ᠠ᠃ ᠡᠮᠦᠨ᠎ᠡ ᠨᠢ ᠭᠤᠯᠢᠷ ᠵᠣᠯᠢᠶ᠎ᠠ ᠪᠠᠨ ᠳᠡᠯᠪᠢ ᠭᠡᠵᠦ ᠭᠠᠪᠵᠤ ᠯᠥᠨᠳᠥᠩᠵᠤᠨᠠᠢ ᠱᠠᠪᠢ ᠨᠠᠷ ᠲᠠᠭᠠᠨ ᠵᠢᠭᠠᠯ᠎ᠠ᠃
ᠱᠠᠪᠢ ᠨᠠᠷ ᠨᠢ ᠲᠡᠷᠡ ᠶᠣᠰᠣᠭᠠᠷ ᠪᠣᠯᠭᠠᠵᠤ᠂ ᠭᠡᠰᠦᠯ ᠰᠠᠩᠵᠢ ᠶ᠋ᠢ ᠬᠡᠳᠦᠭᠦᠯᠡ ᠪᠡᠨ ᠡᠷᠭᠦᠵᠦ ᠬᠠᠷ᠎ᠠ ᠢᠮᠠᠭᠠᠨ ᠤ᠋ ᠠᠷᠠᠰᠤᠨ ᠳᠡᠭᠡᠷ᠎ᠡ ᠠᠷᠠᠢᠬᠠᠨ ᠰᠠᠭᠤᠯᠭᠠᠯ᠎ᠠ᠃ ᠬᠠᠵᠠᠭᠤ ᠲᠠᠰᠢ ᠪᠠᠨ ᠣᠢᠴᠢᠬᠤ ᠭᠡᠳ ᠪᠠᠢᠬᠤ ᠳ᠋ᠤ᠌ ᠨᠢ ᠬᠣᠶᠠᠷ ᠲᠠᠯ᠎ᠠ ᠠ᠋ᠴᠠ ᠪᠤᠢᠳᠠᠩ ᠲᠦᠰᠢᠭᠦᠯᠵᠦ ᠲᠣᠭᠲᠠᠭᠠᠪᠠ᠃
ᠭᠠᠪᠵᠤ ᠯᠥᠨᠳᠥᠩᠵᠤᠨᠠᠢ ᠡᠮᠦᠨ᠎ᠡ ᠲᠠᠯ᠎ᠠ ᠳ᠋ᠠᠭᠠᠨ ᠵᠢᠵᠢᠭᠬᠡᠨ ᠴᠠᠭᠠᠨ ᠢᠰᠡᠭᠡᠢ ᠣᠯᠪᠣᠭ ᠳᠡᠪᠢᠰᠦᠭᠡᠳ ᠮᠡᠩᠭᠡ ᠭᠣᠣᠯᠯᠠᠭᠴᠢ ᠶ᠋ᠢᠨ ᠡᠰᠡᠷᠭᠦ ᠬᠠᠷᠠᠵᠤ ᠰᠠᠭᠤᠯ᠎ᠠ᠃ ᠴᠠᠭᠠᠨ ᠢᠰᠡᠭᠡᠢ ᠳᠡᠭᠡᠷ᠎ᠡ ᠪᠡᠨ ᠵᠢᠷᠤᠭᠠᠰᠤ ᠲᠠᠲᠠᠵᠤ ᠡᠬᠢᠯᠡᠪᠡ᠃
– ᠶᠢᠰᠦᠨ ᠠᠭᠤᠯᠠᠨ ᠠ᠋ᠴᠠ ᠠᠪᠤᠭᠰᠠᠨ ᠰᠢᠷᠣᠢ ᠬᠠᠮᠢᠭ᠎ᠠ ᠪᠠᠢᠨ᠎ᠠ︖ ᠭᠡᠬᠦ ᠳ᠋ᠦ᠍ ᠱᠠᠪᠢ ᠨᠢ ᠴᠠᠭᠠᠰᠤᠨ ᠳᠡᠭᠡᠷ᠎ᠡ ᠵᠢᠷᠤᠭᠰᠠᠨ ᠵᠢᠷᠤᠭ ᠤ᠋ᠳ ᠥᠭᠪᠡ᠃
ᠭᠠᠪᠵᠤ ᠲᠡᠭᠦᠨ ᠢ᠋ ᠨᠢᠭᠡ ᠨᠢᠭᠡ ᠪᠡᠷ ᠨᠢ ᠠᠪᠴᠤ ᠢᠰᠡᠭᠡᠢ ᠳᠡᠭᠡᠷᠡᠬᠢ ᠵᠢᠷᠤᠭᠠᠰᠤᠨ ᠤ᠋ ᠪᠠᠨ ᠡᠴᠦᠰ ᠲᠦ᠍ ᠲᠤᠰ ᠪᠦᠷᠢ ᠪᠠᠢᠷᠢᠯᠠᠭᠤᠯᠪᠠ᠃ ᠪᠦᠭᠦᠳᠡ ᠶᠢᠰᠦᠨ ᠵᠤᠷᠪᠤᠰ᠂ ᠶᠢᠰᠦᠨ ᠵᠢᠷᠤᠭ ᠡᠩᠨᠡᠭᠦᠯᠦᠨ ᠲᠠᠯᠪᠢᠵᠠᠢ᠃
ᠳᠠᠷᠠᠭ᠎ᠠ ᠨᠢ ᠭᠠᠪᠵᠤ ᠲᠤᠬᠠᠯᠠᠨ ᠰᠠᠭᠤᠵᠤ ᠬᠥᠮᠦᠨ ᠦ᠌ ᠦᠬᠦᠯ ᠦ᠋ᠨ ᠶᠢᠰᠦᠨ ᠰᠢᠯᠲᠠᠭ ᠤ᠋ᠨ ᠲᠤᠬᠠᠢ ᠤᠩᠰᠢᠯᠭ᠎ᠠ ᠶ᠋ᠢ ᠳᠦᠩᠭᠢᠨᠡᠲᠡᠯ᠎ᠡ ᠤᠩᠰᠢᠵᠤ ᠭᠠᠷᠤᠯ᠎ᠠ᠃ ᠲᠡᠭᠡᠬᠦ ᠳ᠋ᠡᠭᠡᠨ ᠦᠬᠦᠯ ᠦ᠋ᠨ ᠰᠢᠯᠲᠠᠭ ᠨᠢᠭᠡ ᠶ᠋ᠢ ᠤᠩᠰᠢᠭᠠᠳ ᠬᠠᠷ᠎ᠠ ᠥᠩᠭᠡ ᠲᠡᠢ ᠬᠠᠢᠷᠭᠤ ᠪᠠᠷ ᠭᠤᠯᠢᠷ ᠵᠣᠯᠢᠭ ᠤᠷᠤᠭᠤ ᠠᠭᠤᠷᠲᠠᠶᠠ ᠰᠢᠳᠡᠵᠦ᠄
– ᠦᠬᠦᠯ ᠦ᠋ᠨ ᠬᠠᠷ᠎ᠠ ᠰᠤᠮᠤ ᠵᠣᠯᠢᠭ ᠢ᠋ ᠤᠨᠤᠬᠤ ᠪᠣᠯᠲᠤᠭᠠᠢ! ᠭᠡᠵᠦ ᠬᠡᠯᠡᠪᠡ᠃ ᠮᠥᠨ ᠴᠠᠭᠠᠨ ᠴᠢᠯᠠᠭᠤᠨ ᠬᠠᠢᠷᠭᠤ ᠪᠠᠷ ᠰᠠᠩᠵᠢ ᠭᠡᠰᠦᠯ ᠤᠷᠤᠭᠤ ᠰᠠᠴᠤᠵᠤ᠄
– ᠠᠮᠢᠳᠤ ᠶ᠋ᠢᠨ ᠴᠠᠭᠠᠨ ᠭᠡᠭᠡ ᠰᠣᠶᠣᠷᠬᠠᠶᠠ ᠭᠡᠪᠡ᠃
ᠲᠡᠷᠡ ᠮᠥᠴᠡ ᠳ᠋ᠦ᠍ ᠡᠪᠡᠳᠴᠢᠲᠡᠨ ᠪᠣᠰᠴᠤ ᠥᠨᠥᠬᠢ ᠶᠢᠰᠦᠨ ᠵᠤᠷᠪᠤᠰ ᠤ᠋ᠨ ᠨᠢᠭᠡ ᠶ᠋ᠢ ᠠᠯᠬᠤᠵᠤ ᠭᠠᠷᠤᠭᠠᠳ᠄
– ᠨᠢᠭᠡ ᠳᠠᠪᠠᠭ᠎ᠠ ᠳᠠᠪᠠᠵᠤ᠂ ᠨᠢᠭᠡ ᠦᠬᠦᠯ ᠡᠴᠡ ᠭᠠᠷᠪᠠ! ᠭᠡᠵᠦ ᠬᠡᠯᠡᠬᠦ ᠶᠣᠰᠣᠲᠠᠢ ᠪᠠᠢᠯ᠎ᠠ᠃ ᠭᠡᠪᠡᠴᠦ ᠰᠠᠩᠵᠢ ᠭᠡᠰᠦᠯ ᠲᠡᠭᠡᠬᠦ ᠲᠡᠩᠬᠡᠭᠡ ᠪᠠᠢᠭᠰᠠᠨ ᠦᠭᠡᠢ᠃ ᠨᠥᠬᠥᠳ ᠨᠢ ᠲᠡᠭᠦᠨ ᠢ᠋ ᠡᠷᠭᠦᠵᠦ ᠨᠢᠭᠡ ᠵᠢᠷᠤᠭᠠᠰᠤ ᠳᠠᠪᠠᠭᠤᠯᠤᠭᠠᠳ᠄
– ᠨᠢᠭᠡ ᠳᠠᠪᠠᠭ᠎ᠠ ᠳᠠᠪᠠᠵᠤ᠂ ᠨᠢᠭᠡ ᠦᠬᠦᠯ ᠡᠴᠡ ᠭᠠᠷᠤᠯ᠎ᠠ! ᠭᠡᠵᠦ ᠬᠡᠯᠡᠵᠡᠭᠡᠯ᠎ᠡ᠃ ᠡᠢᠨ ᠬᠦ᠌ ᠦᠬᠦᠯ ᠦ᠋ᠨ ᠳᠠᠪᠠᠭ᠎ᠠ ᠶ᠋ᠢ ᠶᠢᠰᠦ ᠶ᠋ᠢ ᠨᠢᠭᠡᠪᠦᠷᠢᠴᠢᠯᠡᠨ ᠳᠤᠷᠠᠳᠴᠤ᠂ ᠡᠪᠡᠳᠴᠢᠲᠡᠨ ᠢ᠋ ᠨᠢᠭᠡ ᠨᠢᠭᠡ ᠵᠢᠷᠤᠭᠠᠰᠤ ᠳᠠᠪᠠᠭᠤᠯᠤᠨ ᠰᠠᠭᠤᠯᠭᠠᠵᠤ᠂ ᠶᠢᠰᠦᠨ ᠤᠳᠠᠭ᠎ᠠ ᠲᠡᠷᠡ ᠬᠦ᠌ ᠦᠢᠯᠡ ᠶ᠋ᠢ ᠳᠠᠪᠲᠠᠨ ᠳᠠᠭᠤᠰᠤᠭᠠᠳ᠄
– ᠶᠢᠰᠦᠨ ᠳᠠᠪᠠᠭ᠎ᠠ ᠳᠠᠪᠠᠵᠤ ᠶᠢᠰᠦᠨ ᠦᠬᠦᠯ ᠡᠴᠡ ᠭᠠᠷᠤᠯ᠎ᠠ! ᠭᠡᠵᠦ ᠬᠡᠯᠡᠬᠦ ᠳ᠋ᠦ᠍ ᠡᠰᠡᠷᠭᠦ ᠲᠠᠯ᠎ᠠ ᠳ᠋ᠤ᠌ ᠪᠠᠢᠭ᠎ᠠ ᠴᠠᠭᠠᠨ ᠠᠷᠠᠰᠤᠨ ᠳᠡᠭᠡᠷ᠎ᠡ ᠡᠪᠡᠳᠴᠢᠲᠡᠨ ᠢ᠋ ᠡᠷᠭᠦᠵᠦ ᠰᠠᠭᠤᠯᠭᠠᠯ᠎ᠠ᠃
ᠭᠠᠪᠵᠤ ᠯᠥᠨᠳᠥᠩᠵᠤᠨᠠᠢ ᠵᠣᠯᠢᠭ ᠢ᠋ ᠠᠪᠴᠤ ᠮᠡᠩᠭᠡ ᠭᠣᠣᠯᠯᠠᠭᠴᠢ ᠶ᠋ᠢᠨ ᠲᠣᠯᠣᠭᠠᠢ ᠳᠡᠭᠡᠷ᠎ᠡ ᠨᠠᠷᠠ ᠪᠤᠷᠤᠭᠤ ᠭᠤᠷᠪᠠ ᠳᠠᠬᠢᠨ ᠡᠷᠭᠢᠭᠦᠯᠦᠭᠡᠳ ᠲᠠᠷᠨᠢᠳᠠᠮᠠᠭᠴᠠ᠄
– ᠡᠨᠡ ᠵᠣᠯᠢᠭ ᠤᠷᠤᠭᠤ ᠨᠤᠯᠮᠤ! ᠭᠡᠵᠦ ᠬᠡᠯᠡᠭᠡᠳ ᠵᠣᠯᠢᠭ ᠢ᠋ ᠰᠠᠩᠵᠢ ᠭᠡᠰᠦᠯ ᠦ᠋ᠨ ᠨᠢᠭᠤᠷ ᠲᠤ᠌ ᠣᠢᠷᠠᠲᠤᠭᠤᠯᠤᠨ ᠪᠠᠷᠢᠬᠤ ᠳ᠋ᠤ᠌ ᠭᠡᠰᠦᠯ ᠶᠠᠳᠠᠷᠠᠵᠤ ᠲᠤᠢᠯᠳᠠᠭᠰᠠᠨ ᠠ᠋ᠴᠠ ᠪᠣᠯᠤᠭᠠᠳ ᠨᠤᠯᠮᠤᠵᠤ ᠴᠢᠳᠠᠬᠤ ᠦᠭᠡᠢ ᠪᠠᠢᠯ᠎ᠠ᠃ ᠠᠮᠠ ᠨᠢ ᠴᠦ᠍ ᠬᠠᠭᠤᠷᠠᠢᠰᠢᠴᠢᠬᠠᠵᠠᠢ᠃
– ᠭᠤᠷᠪᠠᠨᠲᠠ ᠨᠤᠯᠮᠤᠭᠲᠤᠨ! ᠭᠡᠵᠦ ᠭᠠᠪᠵᠤ ᠴᠢᠩᠭ᠎ᠠ ᠰᠦᠷᠲᠡᠢ ᠳᠠᠭᠤ ᠪᠠᠷ ᠱᠠᠭᠠᠷᠳᠠᠪᠠ᠃ ᠰᠠᠩᠵᠢ ᠭᠡᠰᠦᠯ ᠶᠠᠭᠤ ᠬᠢᠯᠭᠡᠬᠦ ᠭᠡᠳ ᠪᠠᠢᠭ᠎ᠠ ᠶ᠋ᠢ ᠠᠷᠠᠢ ᠣᠢᠯᠠᠭᠠᠵᠤ᠂ ᠨᠤᠯᠮᠤᠬᠤ ᠭᠡᠳ ᠪᠠᠰᠠ ᠯᠠ ᠴᠢᠳᠠᠬᠤ ᠦᠭᠡᠢ᠂ ᠳᠡᠮᠡᠢ ᠯᠡ ᠠᠮᠠ ᠪᠠᠨ ᠬᠥᠳᠡᠯᠭᠡᠪᠡ᠃
– ᠲᠠ ᠨᠠᠷ ᠨᠥᠬᠥᠷ ᠦ᠋ᠨ ᠢ᠋ᠶ᠋ᠡᠨ ᠡᠮᠦᠨ᠎ᠡ ᠡᠴᠡ ᠨᠤᠯᠮᠤᠲᠤᠭᠠᠢ! ᠭᠡᠵᠦ ᠪᠠᠭᠰᠢ ᠭᠠᠪᠵᠢ ᠪᠠᠨ ᠲᠤᠰᠢᠶᠠᠬᠤ ᠳ᠋ᠤ᠌ ᠨᠢᠭᠡ ᠵᠢᠩᠳᠠᠭᠠᠨ ᠤ᠋ ᠬᠢᠨ ᠲᠡᠷᠡ ᠵᠣᠯᠢᠭ ᠤᠷᠤᠭᠤ ᠴᠥᠮ ᠯᠡ ᠠᠭᠤᠷᠲᠠᠶᠠ ᠨᠤᠯᠮᠤᠵᠠᠭᠠᠯᠠ᠃
– ᠵᠠ ᠣᠳᠣ ᠭᠠᠷᠭᠠᠭᠠᠳ ᠵᠡᠭᠦᠨ ᠬᠣᠢᠲᠤ ᠵᠦᠭ ᠬᠠᠶᠠᠭᠲᠤᠨ᠂ ᠡᠨᠡ ᠵᠣᠯᠢᠭ ᠢ᠋! ᠭᠡᠵᠦ ᠭᠠᠪᠵᠤ ᠯᠠᠮᠠ ᠬᠡᠯᠡᠬᠦ ᠳ᠋ᠦ᠍ ᠨᠢᠭᠡ ᠵᠢᠩᠳᠠᠭᠠᠨ ᠤ᠋ ᠬᠢᠨ ᠲᠡᠭᠦᠨ ᠢ᠋ ᠳᠣᠣᠷ᠎ᠠ ᠨᠢ ᠭᠦᠢᠴᠡᠳᠬᠡᠪᠡ᠃ ᠭᠠᠪᠵᠤ ᠯᠥᠨᠳᠥᠩᠵᠤᠨᠠᠢ ᠮᠡᠩᠭᠡᠨ ᠵᠠᠰᠠᠯ ᠢ᠋ ᠳᠠᠭᠤᠰᠬᠠᠵᠤ᠂ ᠡᠪᠡᠳᠴᠢᠲᠡᠨ ᠢ᠋ ᠷᠠᠰᠢᠶᠠᠨ ᠢ᠋ᠶ᠋ᠠᠷ ᠠᠷᠢᠭᠤᠳᠬᠠᠯᠠ᠃ ᠰᠠᠩᠵᠢ ᠡᠭᠦᠨ ᠢ᠋ ᠪᠦᠳᠡᠭᠢ ᠪᠡᠲᠡᠭᠢ ᠣᠢᠯᠠᠭᠠᠪᠠ᠃
ᠭᠡᠰᠦᠯ ᠰᠠᠩᠵᠢ ᠶᠢᠨ ᠵᠢᠩᠳᠠᠭᠠᠨ ᠤ᠋ ᠨᠢ ᠨᠥᠬᠥᠳ ᠵᠤᠲᠠᠩ ᠢ᠋ᠶ᠋ᠠᠷ ᠬᠣᠭᠣᠯᠠᠯᠠᠭᠰᠠᠨ ᠪᠣᠯᠤᠭᠠᠳ ᠣᠷᠣᠨ ᠳ᠋ᠤ᠌ ᠣᠷᠣᠭᠤᠯᠤᠨ ᠬᠡᠪᠲᠡᠭᠦᠯᠵᠦ ᠬᠡᠰᠡᠭ ᠰᠠᠭᠤᠵᠠᠭᠠᠭᠠᠳ ᠭᠡᠷ ᠭᠡᠷ ᠦ᠋ᠨ ᠵᠦᠭ ᠲᠠᠷᠬᠠᠬᠤ ᠪᠠᠷ ᠪᠣᠰᠪᠠ᠃ ᠲᠡᠳᠡ ᠢᠲᠡᠭᠡᠯ ᠠᠯᠠᠳᠠᠭᠰᠠᠨ ᠪᠠᠢᠳᠠᠯ ᠲᠠᠢ ᠪᠣᠯᠵᠠᠢ᠃
– ᠣᠳᠣ ᠭᠠᠢᠭᠤᠢ ᠪᠣᠢ᠃ ᠥᠨᠥ ᠰᠥᠨᠢ ᠳ᠋ᠡᠭᠡᠨ ᠡᠯᠳᠡᠪ ᠮᠠᠭᠤ ᠶᠠᠭᠤᠮᠠᠨ ᠠ᠋ᠴᠠ ᠬᠠᠭᠠᠴᠠᠵᠤ ᠮᠠᠷᠭᠠᠰᠢ ᠠ᠋ᠴᠠ ᠴᠡᠪᠡᠷᠯᠡᠭᠳᠡᠨ ᠠᠷᠢᠭᠤᠰᠴᠤ ᠬᠠᠭᠤᠴᠢᠨ ᠪᠠᠢᠳᠠᠯ ᠳ᠋ᠠᠭᠠᠨ ᠳᠠᠬᠢᠨ ᠣᠷᠣᠬᠤ ᠪᠢᠵᠡ ᠭᠡᠵᠦ ᠭᠠᠪᠵᠤ ᠯᠠᠮᠠ ᠯᠥᠨᠳᠥᠩᠵᠤᠨᠠᠢ ᠠᠢᠯᠠᠳᠤᠭᠰᠠᠨ ᠢ᠋ᠶ᠋ᠠᠷ ᠴᠥᠮ ᠯᠡ ᠲᠡᠭᠦᠨ ᠦ᠌ ᠦᠭᠡᠨ ᠳ᠋ᠦ᠍ ᠢᠲᠡᠭᠡᠵᠦ ᠰᠠᠩᠵᠢ ᠭᠡᠰᠦᠯ ᠦ᠋ᠨ ᠰᠠᠢᠨ ᠬᠤᠪᠢ ᠲᠠᠪᠢᠯᠠᠩ ᠳ᠋ᠤ᠌ ᠨᠠᠢᠳᠠᠭᠠᠳ ᠶᠠᠪᠤᠵᠠᠭᠠᠵᠠᠢ᠃ ᠭᠡᠪᠡᠴᠦ ᠰᠠᠩᠵᠢ ᠭᠡᠰᠦᠯ ᠲᠡᠷᠡ ᠰᠥᠨᠢᠵᠢᠨ ᠢ᠋ᠶ᠋ᠡᠨ ᠲᠠᠷᠴᠢᠯᠠᠵᠤ ᠥᠩᠭᠡᠷᠡᠪᠡ᠃ ᠮᠠᠷᠭᠠᠰᠢ ᠨᠢ ᠨᠢᠭᠡ ᠵᠢᠩᠳᠠᠭᠠᠨ ᠤ᠋ ᠬᠢᠨ ᠢᠷᠡᠵᠦ ᠰᠠᠩᠵᠢ ᠭᠡᠰᠦᠯ ᠦ᠋ᠨ ᠪᠡᠶ᠎ᠡ ᠣᠨᠴᠠ ᠮᠠᠭᠤᠳᠠᠭᠰᠠᠨ ᠢ᠋ ᠦᠵᠡᠭᠡᠳ ᠭᠠᠪᠵᠤ ᠪᠠᠭᠰᠢ ᠪᠠᠨ ᠳᠠᠭᠤᠳᠠᠭᠤᠯᠵᠠᠢ᠃ ᠯᠥᠨᠳᠥᠩᠵᠤᠨᠠᠢ ᠭᠠᠪᠵᠤ ᠳᠠᠷᠤᠢᠬᠠᠨ ᠬᠦᠷᠴᠦ ᠢᠷᠡᠭᠡᠳ᠄
– ᠡᠷᠬᠢᠮ ᠰᠦᠨᠡᠰᠦ ᠨᠢ ᠬᠠᠷᠢᠭ᠎ᠠ ᠦᠭᠡᠢ ᠯᠡ ᠪᠠᠢᠨ᠎ᠠ᠃ ᠬᠠᠷᠢᠨ ᠦᠬᠦᠭᠡᠷ ᠦ᠋ᠨ ᠰᠦᠨᠡᠰᠦ ᠨᠢ ᠬᠣᠯᠠ ᠣᠳᠴᠠᠢ! ᠭᠡᠵᠦ ᠬᠡᠯᠡᠪᠡ᠃ ᠡᠨᠡ ᠦᠭᠡᠨ ᠳ᠋ᠦ᠍ ᠵᠢᠩᠳᠠᠭᠠᠨ ᠤ᠋ ᠬᠢᠨ ᠶᠡᠬᠡ ᠠᠶᠤᠯ᠎ᠠ᠃ ᠭᠡᠪᠡᠴᠦ ᠰᠠᠩᠵᠢ ᠭᠡᠰᠦᠯ ᠲᠡᠭᠦᠨ ᠢ᠋ ᠬᠠᠭᠠᠰ ᠳᠤᠲᠠᠭᠤ ᠣᠢᠯᠠᠭᠠᠵᠤ ᠪᠠᠢᠯ᠎ᠠ᠃
– ᠦᠬᠦᠭᠡᠷ ᠦ᠋ᠨ ᠰᠦᠨᠡᠰᠦ ᠨᠢ ᠶᠠᠪᠤᠴᠢᠬᠠᠬᠤ ᠪᠠᠷ ᠶᠠᠭᠠᠬᠢᠳᠠᠭ ᠶᠤᠮ ᠪᠣᠢ? ᠭᠡᠵᠦ ᠲᠡᠳᠡ ᠪᠠᠭᠰᠢ ᠠ᠋ᠴᠠ ᠪᠠᠨ ᠠᠰᠠᠭᠤᠬᠤ ᠳ᠋ᠤ᠌᠄
– ᠶᠠᠪᠤᠴᠢᠬᠠᠭᠰᠠᠨ ᠲᠡᠷᠡ ᠰᠦᠨᠡᠰᠦ ᠶ᠋ᠢ ᠳᠠᠭᠤᠳᠠᠬᠤ ᠶᠣᠰᠣᠯᠠᠯ ᠬᠢᠪᠡᠯ ᠲᠠᠭᠠᠷᠠᠨ᠎ᠠ᠃ ᠲᠠ ᠨᠠᠷ ᠬᠡᠷᠡᠭᠯᠡᠭᠳᠡᠬᠦ ᠶᠠᠭᠤᠮ᠎ᠠ ᠶ᠋ᠢ ᠪᠡᠯᠡᠳᠬᠡᠵᠡᠭᠡ ᠭᠡᠪᠡ᠃
《 ᠬᠥᠮᠦᠨ ᠳ᠋ᠦ᠍ ᠡᠷᠬᠢᠮ ᠰᠦᠨᠡᠰᠦ᠂ ᠦᠬᠦᠭᠡᠷ ᠦ᠋ᠨ ᠰᠦᠨᠡᠰᠦ ᠭᠡᠵᠦ ᠬᠣᠶᠠᠷ ᠪᠣᠢ᠃ ᠬᠡᠷᠪᠡ ᠦᠬᠦᠭᠡᠷ ᠦ᠋ᠨ ᠰᠦᠨᠡᠰᠦ ᠪᠡᠶ᠎ᠡ ᠶ᠋ᠢ ᠤᠷᠭᠢᠪᠠᠰᠤ ᠬᠥᠮᠦᠨ ᠦᠬᠦᠮᠦᠢ᠃ ᠲᠡᠢᠮᠦ ᠤᠴᠢᠷ ᠠ᠋ᠴᠠ ᠰᠦᠨᠡᠰᠦ ᠳᠠᠭᠤᠳᠠᠯᠭ᠎ᠠ ᠬᠢᠪᠡᠯ ᠵᠣᠬᠢᠨ᠎ᠠ》 ᠭᠡᠵᠦ ᠪᠤᠷᠬᠠᠨ ᠤ᠋ ᠨᠣᠮ ᠳ᠋ᠤ᠌ ᠵᠢᠭᠠᠵᠠᠢ᠃ ᠲᠡᠷᠡ ᠶᠣᠰᠣᠭᠠᠷ ᠭᠠᠪᠵᠤ ᠯᠥᠨᠳᠥᠩᠵᠤᠨᠠᠢ ᠭᠡᠰᠦᠯ ᠰᠠᠩᠵᠢ ᠶ᠋ᠢᠨ ᠦᠬᠦᠭᠡᠷ ᠦ᠋ᠨ ᠰᠦᠨᠡᠰᠦ ᠶ᠋ᠢ ᠡᠷᠭᠢᠭᠦᠯᠦᠨ ᠳᠠᠭᠤᠳᠠᠬᠤ ᠵᠠᠩ ᠦᠢᠯᠡ ᠬᠢᠵᠦ ᠡᠴᠦᠰ ᠦ᠋ᠨ ᠤᠳᠠᠭ᠎ᠠ ᠱᠠᠪᠢ ᠶ᠋ᠢᠨ ᠢ᠋ᠶ᠋ᠡᠨ ᠲᠥᠯᠥᠭᠡ ᠪᠤᠭ ᠴᠢᠳᠬᠥᠷ ᠲᠡᠢ ᠦᠵᠡᠯᠴᠡᠬᠦ ᠪᠡᠷ ᠰᠢᠢᠳᠦᠯ᠎ᠡ᠃ ᠭᠠᠪᠵᠤ ᠶ᠋ᠢᠨ ᠱᠠᠪᠢ ᠨᠠᠷ᠄
– ᠶᠠᠭᠤ ᠪᠡᠯᠡᠳᠬᠦ ᠪᠣᠢ? ᠭᠡᠵᠦ ᠵᠡᠷᠭᠡ ᠵᠡᠷᠭᠡ ᠠᠰᠠᠭᠤᠯ᠎ᠠ᠃
– ᠶᠢᠰᠦᠨ ᠡᠷᠯᠢᠭ ᠦ᠋ᠨ ᠶᠠᠷᠭᠠᠴᠢᠨ ᠤ᠋ ᠳᠦᠷᠰᠦ ᠶ᠋ᠢ ᠭᠤᠯᠢᠷ ᠢ᠋ᠶ᠋ᠠᠷ ᠦᠢᠯᠡᠳ᠃ ᠢᠮᠠᠭᠠᠨ ᠤ᠋ ᠴᠣᠬᠣᠷ ᠠᠷᠠᠰᠤ ᠨᠢᠭᠡ ᠶ᠋ᠢ ᠳᠥᠩᠭᠡᠵᠢ ᠪᠡᠶ᠎ᠡ ᠡᠴᠡ ᠨᠢ ᠬᠠᠭᠤᠯᠤᠨ ᠠᠪᠴᠤ ᠨᠣᠢᠲᠠᠨ ᠢ᠋ᠶ᠋ᠠᠷ ᠨᠢ ᠪᠡᠯᠡᠳ᠃ ᠲᠠᠪᠤᠨ ᠥᠩᠭᠡ ᠶ᠋ᠢᠨ ᠳᠠᠷᠵᠢᠨ ᠣᠯ᠃ ᠪᠠᠰᠠ ᠦᠢᠯᠡ ᠣᠭᠣᠯᠢ᠂ ᠪᠠᠰᠠ ᠯᠠᠩᠲᠤᠤ ᠣᠯᠵᠤ ᠢᠷ᠎ᠡ! ᠭᠡᠵᠦ ᠪᠠᠭᠰᠢ ᠯᠠᠮᠠ ᠲᠤᠰᠢᠶᠠᠯ᠎ᠠ᠃ ᠲᠡᠳᠡᠨ ᠦ᠌ ᠬᠠᠭᠠᠰ ᠨᠢ ᠪᠠᠭᠰᠢ ᠶ᠋ᠢᠨ ᠢ᠋ᠶ᠋ᠡᠨ ᠳᠠᠭᠠᠭᠠᠯᠭᠠᠭᠰᠠᠨ ᠵᠦᠢᠯ ᠢ᠋ ᠣᠯᠬᠤ ᠪᠠᠷ ᠶᠠᠪᠤᠬᠤ ᠪᠣᠯᠬᠤ ᠳ᠋ᠤ᠌ ᠮᠥᠩᠭᠥᠨ ᠦ᠌ ᠠᠰᠠᠭᠤᠳᠠᠯ ᠳᠡᠭᠳᠡᠪᠡ᠃ ᠰᠠᠩᠵᠢ ᠭᠡᠰᠦᠯ ᠳ᠋ᠦ᠍ ᠬᠡᠯᠡᠬᠦ ᠳ᠋ᠦ᠍ ᠲᠡᠷᠡ ᠠᠷᠠᠢᠬᠠᠨ ᠣᠢᠯᠠᠭᠠᠭᠠᠳ ᠭᠡᠯᠦᠩ ᠪᠠᠭᠰᠢ ᠶ᠋ᠢᠨ ᠢ᠋ᠶ᠋ᠡᠨ ᠥᠭᠭᠦᠭᠰᠡᠨ ᠬᠡᠳᠦᠨ ᠯᠠᠩ ᠮᠥᠩᠭᠥ ᠶ᠋ᠢ ᠲᠡᠳᠡᠨ ᠳ᠋ᠦ᠍ ᠵᠢᠭᠠᠵᠤ ᠥᠭᠴᠡᠢ᠃ ᠯᠥᠨᠳᠥᠩᠵᠤᠨᠠᠢ ᠭᠠᠪᠵᠤ ᠥᠪᠡᠷ ᠢ᠋ᠶ᠋ᠡᠨ ᠰᠦᠨᠡᠰᠦ ᠳᠠᠭᠤᠳᠠᠬᠤ ᠤᠩᠰᠢᠯᠭ᠎ᠠ ᠳ᠋ᠤ᠌ ᠪᠡᠯᠡᠳᠬᠡᠭᠡᠳ ᠣᠷᠣᠢ ᠡᠷᠭᠢᠵᠦ ᠢᠷᠡᠬᠦ ᠪᠡᠷ ᠶᠠᠪᠤᠯ᠎ᠠ᠃ ᠤᠴᠢᠷ ᠨᠢ ᠭᠡᠪᠡᠯ ᠰᠦᠨᠡᠰᠦ ᠳᠠᠭᠤᠳᠠᠬᠤ ᠵᠠᠩ ᠦᠢᠯᠡ ᠶ᠋ᠢ ᠰᠥᠨᠢ ᠳᠤᠮᠳᠠ ᠬᠢᠳᠡᠭ ᠠᠵᠠᠢ᠃ ᠡᠷᠯᠢᠭ ᠦ᠋ᠨ ᠶᠢᠰᠦᠨ ᠶᠠᠷᠭᠠᠴᠢᠨ ᠤ᠋ ᠳᠦᠷᠰᠦ ᠶ᠋ᠢ ᠲᠦᠭᠦᠬᠡᠢ ᠭᠤᠯᠢᠷ ᠢ᠋ᠶ᠋ᠠᠷ ᠬᠢᠬᠦ ᠪᠡᠷ ᠵᠢᠩᠳᠠᠭᠠᠨ ᠤ᠋ ᠬᠢᠨ ᠨᠢ ᠡᠳᠦᠷᠵᠢᠨ ᠮᠠᠬᠠᠷᠠᠨ ᠤᠷᠤᠯᠳᠤᠵᠤ ᠣᠷᠣᠢ ᠪᠡᠯᠡᠨ ᠪᠣᠯᠭᠠᠵᠠᠢ᠃ ᠰᠠᠩᠵᠢ ᠭᠡᠰᠦᠯ ᠦ᠋ᠨ ᠪᠡᠶ᠎ᠡ ᠲᠠᠮᠢᠷᠳᠠᠨ ᠳᠣᠷᠣᠢᠲᠠᠭᠰᠠᠨ ᠬᠡᠪ ᠢ᠋ᠶ᠋ᠡᠷ ᠪᠠᠢᠯ᠎ᠠ᠃
ᠬᠠᠷᠠᠩᠭᠤᠢ ᠪᠣᠯᠬᠤ ᠳ᠋ᠤ᠌ ᠯᠥᠨᠳᠥᠩᠵᠤᠨᠠᠢ ᠭᠠᠪᠵᠤ ᠢᠷᠡᠪᠡ᠃ ᠲᠡᠷᠡ ᠰᠦᠨᠡᠰᠦ ᠳᠠᠭᠤᠳᠠᠯᠭ᠎ᠠ ᠶ᠋ᠢᠨ ᠨᠢᠭᠤᠴᠠ ᠨᠣᠮ ᠱᠢᠳᠢᠯ ᠭᠡᠳᠡᠭ ᠪᠢᠴᠢᠬᠠᠨ ᠰᠤᠳᠤᠷ ᠠᠪᠴᠢᠷᠠᠵᠠᠢ᠃ ᠣᠯᠪᠣᠭ ᠳᠡᠪᠢᠰᠦᠭᠦᠯᠦᠨ ᠲᠤᠬᠠᠯᠠᠨ ᠰᠠᠭᠤᠮᠠᠭᠴᠠ᠄
– ᠶᠢᠰᠦᠨ ᠶᠠᠷᠭᠠᠴᠢᠨ ᠤ᠋ ᠰᠦᠭ ᠪᠡᠯᠡᠨ ᠦᠦ? ᠭᠡᠵᠦ ᠯᠥᠨᠳᠥᠩᠵᠤᠨᠠᠢ ᠭᠠᠪᠵᠤ ᠰᠦᠷᠲᠡᠢ ᠠᠰᠠᠭᠤᠯ᠎ᠠ᠃ ᠱᠠᠪᠢ ᠨᠠᠷ ᠨᠢ ᠲᠦᠭᠦᠬᠡᠢ ᠭᠤᠯᠢᠷ ᠢ᠋ᠶ᠋ᠠᠷ ᠬᠢᠭᠰᠡᠨ ᠶᠢᠰᠦᠨ ᠰᠦᠭ ᠳᠦᠷᠰᠦ ᠶ᠋ᠢ ᠭᠠᠷᠭᠠᠵᠤ ᠢᠷᠡᠪᠡ᠃ ᠯᠠᠮᠠ ᠲᠣᠯᠣᠭᠠᠢ ᠳᠣᠬᠢᠵᠤ᠄
– ᠲᠦᠭᠦᠬᠡᠢ ᠴᠣᠬᠣᠷ ᠠᠷᠠᠰᠤᠨ ᠲᠤᠯᠤᠮ ᠪᠡᠯᠡᠨ ᠦᠦ? ᠭᠡᠵᠦ ᠳᠠᠬᠢᠨ ᠠᠰᠠᠭᠤᠬᠤ ᠳ᠋ᠤ᠌᠄
– ᠡᠨᠡ ᠪᠠᠢᠨ᠎ᠠ ᠭᠡᠵᠡᠭᠡᠵᠦ ᠬᠤᠸᠠᠷᠠᠭ ᠤ᠋ᠳ ᠴᠣᠬᠣᠷ ᠢᠮᠠᠭᠠᠨ ᠤ᠋ ᠨᠣᠢᠲᠠᠨ ᠠᠷᠠᠰᠤᠨ ᠲᠤᠯᠤᠮ ᠥᠭᠪᠡ᠃
– ᠲᠡᠭᠡᠪᠡᠯ ᠰᠦᠭ ᠨᠦ᠍ᠭᠦᠳ ᠢ᠋ ᠨᠠᠭᠠᠳᠤ ᠲᠤᠯᠤᠮ ᠳᠣᠲᠣᠷ᠎ᠠ ᠪᠠᠨ ᠬᠡᠢ᠃ ᠲᠡᠭᠡᠭᠡᠳ ᠤᠷᠲᠤ ᠳᠡᠭᠡᠰᠦ ᠪᠡᠷ ᠠᠮᠠ ᠶ᠋ᠢ ᠨᠢ ᠪᠣᠭᠣᠵᠤ᠂ ᠭᠠᠳᠠᠭᠤᠷ ᠨᠢ ᠶᠢᠰᠦ ᠳᠠᠬᠢᠨ ᠣᠷᠢᠶᠠᠭᠲᠤᠨ! ᠭᠡᠵᠦ ᠭᠠᠪᠵᠤ ᠳᠠᠭᠠᠭᠠᠯᠭᠠᠪᠠ᠃ ᠲᠡᠷᠡ ᠶᠣᠰᠣᠭᠠᠷ ᠪᠣᠯᠭᠠᠯ᠎ᠠ! ᠯᠥᠨᠳᠥᠩᠵᠤᠨᠠᠢ ᠭᠠᠪᠵᠤ ᠨᠢᠭᠤᠴᠠ ᠰᠤᠳᠤᠷ ᠱᠢᠳᠢᠯ ᠭᠡᠭᠴᠢ ᠪᠡᠨ ᠨᠡᠭᠡᠭᠡᠭᠡᠳ ᠤᠩᠰᠢᠯᠭ᠎ᠠ ᠪᠠᠨ ᠡᠬᠢᠯᠡᠯ᠎ᠡ᠃ ᠰᠦᠭ ᠲᠡᠢ ᠲᠤᠯᠤᠮ ᠢ᠋ ᠲᠣᠭᠣᠷᠢᠭᠠᠳ ᠶᠢᠰᠦᠨ ᠬᠤᠸᠠᠷᠠᠭ ᠰᠦᠬᠡ᠂ ᠯᠠᠩᠳᠤᠤ᠂ ᠰᠡᠯᠡᠮ᠎ᠡ ᠲᠡᠷᠢᠭᠦᠲᠡᠨ ᠪᠠᠷᠢᠵᠤ ᠵᠣᠭᠰᠣᠯ᠎ᠠ᠃ ᠨᠢᠭᠡ ᠨᠢ ᠬᠠᠮᠢᠭ᠎ᠠ ᠭᠠᠵᠠᠷ ᠠ᠋ᠴᠠ ᠬᠠᠭᠤᠴᠢᠨ ᠴᠠᠬᠢᠭᠤᠷ ᠫᠤᠤ ᠣᠯᠵᠤ ᠢᠷᠡᠵᠡᠢ᠃ ᠲᠡᠳᠡ ᠱᠠᠯᠠᠨ ᠳᠡᠭᠡᠷ᠎ᠡ ᠪᠣᠭᠣᠳᠠᠯ ᠲᠠᠢ ᠬᠡᠪᠲᠡᠵᠦ ᠪᠠᠢᠭ᠎ᠠ ᠴᠣᠬᠣᠷ ᠢᠮᠠᠭᠠᠨ ᠤ᠋ ᠠᠷᠠᠰᠤᠨ ᠲᠤᠯᠤᠮ ᠲᠠᠢ ᠭᠤᠯᠢᠷ ᠰᠦᠭ ᠨᠦ᠍ᠭᠦᠳ ᠢ᠋ ᠰᠦᠷᠳᠡᠶ᠎ᠡ ᠪᠥᠭᠡᠳ ᠵᠠᠨᠤᠯᠲᠠᠶᠠ ᠬᠦᠷᠢᠶᠡᠯᠡᠨ ᠪᠦᠰᠡᠯᠡᠵᠦ ᠪᠠᠢᠬᠤ ᠨᠢ ᠯᠥᠨᠳᠥᠩᠵᠤᠨᠠᠢ ᠭᠠᠪᠵᠤ ᠶ᠋ᠢᠨ ᠰᠡᠳᠬᠢᠯ ᠳ᠋ᠦ᠍ ᠨᠡᠢᠴᠡᠵᠡᠢ᠃
ᠱᠢᠲᠢᠯ ᠰᠤᠳᠤᠷ ᠢ᠋ ᠤᠩᠰᠢᠵᠤ ᠳᠠᠭᠤᠰᠬᠤ ᠳ᠋ᠤ᠌ ᠶᠢᠰᠦᠨ ᠬᠤᠸᠠᠷᠠᠭ ᠤ᠋ᠨ ᠨᠢᠭᠡ ᠨᠢ ᠲᠤᠯᠤᠮ ᠲᠠᠢ ᠰᠦᠭ ᠨᠦ᠍ᠭᠦᠳ ᠢ᠋ ᠠᠪᠴᠤ ᠮᠥᠷᠦᠨ ᠳᠡᠭᠡᠷ᠎ᠡ ᠪᠡᠨ ᠬᠠᠶᠠᠭᠠᠳ ᠭᠦᠶᠦᠨ ᠭᠠᠷᠪᠠ᠃ ᠠᠷᠤ ᠠ᠋ᠴᠠ ᠨᠢ ᠪᠤᠰᠤᠳ ᠬᠤᠸᠠᠷᠠᠭ ᠤ᠋ᠳ ᠬᠥᠭᠡᠭᠡᠨ ᠭᠠᠷᠴᠤ ᠭᠠᠪᠵᠤ ᠪᠠᠭᠰᠢ ᠶ᠋ᠢᠨ ᠢ᠋ᠶ᠋ᠡᠨ ᠵᠢᠭᠠᠭᠰᠠᠨ ᠶᠣᠰᠣᠭᠠᠷ ᠵᠡᠷᠯᠢᠭ ᠮᠠᠭᠤᠬᠠᠢ ᠪᠠᠷ ᠬᠠᠰᠬᠢᠷᠤᠯᠳᠤᠨ ᠳᠠᠭᠤ ᠱᠤᠤᠭᠢᠶᠠᠨ ᠳᠡᠭᠳᠡᠭᠡᠵᠦ᠂ ᠳᠣᠲᠣᠷ᠎ᠠ ᠡᠪ ᠥᠭᠡᠢᠷᠬᠡᠮᠡᠷ ᠲᠡᠩᠰᠡᠯᠥᠭᠥᠯᠥᠨ ᠣᠷᠢᠯᠠᠯᠳᠤᠵᠤ ᠪᠠᠢᠰᠢᠩ ᠢ᠋ ᠭᠤᠷᠪᠠᠨᠲᠠ ᠲᠣᠭᠣᠷᠢᠭᠠᠳ ᠣᠬᠢᠨ ᠡᠭᠦᠳᠡᠨ ᠳᠡᠭᠡᠷ᠎ᠡ ᠢᠷᠡᠬᠦ ᠳ᠋ᠦ᠍ ᠡᠮᠦᠨ᠎ᠡ ᠡᠴᠡ ᠨᠢ ᠤᠭᠲᠤᠨ ᠴᠠᠬᠢᠭᠤᠷ ᠫᠤᠤ ᠪᠠᠷ ᠲᠩᠷᠢ ᠥᠭᠡᠳᠡ ᠬᠡᠢ ᠫᠤᠤᠳᠠᠵᠤ᠂ ᠤᠯᠠᠩᠭᠠᠰᠤᠨ ᠬᠠᠰᠬᠢᠷᠤᠯᠳᠤᠪᠠ᠃ ᠰᠦᠭ ᠡᠭᠦᠷᠴᠦ ᠶᠠᠪᠤᠭᠰᠠᠨ ᠬᠥᠮᠦᠨ ᠪᠠᠵᠠᠭᠳᠠᠨ ᠠᠶᠤᠬᠤ ᠳᠦᠷᠢ ᠦᠵᠡᠭᠦᠯᠵᠦ ᠲᠤᠯᠤᠮ ᠤ᠋ᠨ ᠢ᠋ᠶ᠋ᠠᠨ ᠠᠮᠠ ᠶ᠋ᠢ ᠲᠠᠢᠯᠤᠨ ᠳᠣᠲᠣᠷ᠎ᠠ ᠠ᠋ᠴᠠ ᠨᠢ ᠶᠢᠰᠦᠨ ᠠᠷᠢᠮᠢ ᠶ᠋ᠢ ᠡᠭᠦᠳᠡᠨ ᠳ᠋ᠦ᠍ ᠭᠠᠵᠠᠷ ᠠᠰᠬᠠᠯ᠎ᠠ᠃ ᠬᠤᠸᠠᠷᠠᠭ ᠤ᠋ᠳ ᠨᠥᠭᠥᠭᠡᠬᠢ ᠭᠤᠯᠢᠷ ᠠᠷᠢᠮᠢ ᠶ᠋ᠢ ᠲᠥᠷᠥᠭᠦᠯᠭᠡ ᠪᠡᠨ ᠬᠠᠷᠠᠵᠤ ᠤᠨᠠᠭᠰᠠᠨ ᠪᠦᠭᠦᠳᠡ ᠶ᠋ᠢ ᠨᠢ ᠠᠯᠤᠬ᠎ᠠ᠂ ᠯᠠᠩᠲᠤᠤ ᠪᠠᠷ ᠪᠢᠴᠠᠯᠤᠨ ᠴᠣᠬᠢᠬᠤ ᠶᠣᠰᠣᠲᠠᠢ ᠪᠠᠢᠭᠰᠠᠨ ᠠᠵᠢ᠃ ᠡᠬᠢᠨ ᠦ᠌ ᠤᠳᠠᠭ᠎ᠠ ᠬᠣᠶᠠᠷᠬᠠᠨ ᠠᠷᠢᠮᠢ ᠳᠦᠷᠦᠭᠦᠯᠭᠡ ᠪᠡᠨ ᠬᠠᠷᠠᠨ ᠦᠢᠴᠢᠵᠡᠢ᠃ ᠲᠡᠭᠦᠨ ᠢ᠋ ᠠᠪᠬᠤ ᠶᠠᠭᠤᠮ᠎ᠠ ᠦᠭᠡᠢ ᠪᠢᠴᠠ ᠴᠣᠬᠢᠪᠠ᠃ ᠥᠭᠡᠳᠡ ᠪᠡᠨ ᠬᠠᠷᠠᠵᠤ ᠤᠨᠠᠭᠰᠠᠨ ᠪᠣᠯ ᠲᠡᠷᠡ ᠨᠢ ᠳᠠᠬᠢᠭᠠᠳ ᠯᠠ ᠠᠪᠤᠯᠭ᠎ᠠ ᠱᠠᠭᠠᠷᠳᠠᠵᠤ ᠪᠠᠢᠭ᠎ᠠ ᠬᠡᠷᠡᠭ ᠭᠡᠵᠦ ᠦᠵᠡᠳᠡᠭ ᠪᠠᠢᠵᠠᠢ᠃ ᠪᠠᠢᠰᠢᠩ ᠢ᠋ ᠭᠤᠷᠪᠠ ᠲᠣᠭᠣᠷᠢᠨ ᠢᠷᠡᠬᠦ ᠳ᠋ᠦ᠍ ᠪᠠᠰᠠ ᠯᠠ ᠡᠭᠦᠳᠡᠨ ᠳᠡᠭᠡᠷ᠎ᠡ ᠫᠤᠤ ᠲᠠᠯᠪᠢᠨ ᠤᠭᠲᠤᠯ᠎ᠠ᠃ ᠲᠤᠯᠤᠮ ᠠ᠋ᠴᠠ ᠰᠦᠭ ᠨᠦ᠍ᠭᠦᠳ ᠢ᠋ ᠳᠠᠬᠢᠨ ᠠᠰᠬᠠᠬᠤ ᠳ᠋ᠤ᠌ ᠲᠠᠪᠤᠨ ᠠᠷᠢᠮᠢ ᠤᠷᠤᠭᠤ ᠪᠠᠨ ᠬᠠᠷᠠᠨ ᠦᠢᠴᠢᠵᠡᠢ᠃ ᠲᠡᠳᠡᠨ ᠢ᠋ ᠪᠠᠰᠠ ᠯᠠ ᠨᠢᠴᠠ ᠴᠣᠬᠢᠯ᠎ᠠ᠃ ᠣᠳᠣ ᠬᠣᠶᠠᠷᠬᠠᠨ ᠠᠷᠢᠮᠢ ᠥᠭᠡᠳᠡ ᠪᠡᠨ ᠬᠠᠷᠠᠭᠰᠠᠨ ᠬᠡᠪ ᠢ᠋ᠶ᠋ᠡᠷ ᠲᠤᠯᠠ ᠳᠠᠬᠢᠭᠠᠳ ᠯᠠ ᠰᠢᠭᠤᠳᠠᠢᠯᠠᠨ ᠠᠪᠴᠤ ᠶᠠᠪᠤᠯ᠎ᠠ᠃ ᠪᠠᠢᠰᠢᠩ ᠢ᠋ ᠳᠠᠬᠢᠭᠠᠳ ᠯᠠ ᠭᠤᠷᠪᠠᠨᠲᠠ ᠲᠣᠭᠣᠷᠢᠵᠤ᠂ ᠰᠦᠭ ᠢ᠋ ᠳᠠᠬᠢᠨ ᠭᠠᠵᠠᠷ ᠬᠠᠶᠠᠪᠠᠯ ᠠᠷᠠᠢ ᠬᠢᠵᠦ ᠴᠥᠮ ᠤᠷᠤᠭᠤᠢ ᠪᠠᠨ ᠬᠠᠷᠠᠵᠠᠢ᠃ ᠴᠥᠮ ᠢ᠋ ᠬᠣᠷᠣᠰᠤᠯᠲᠠᠢ ᠪᠠᠷ ᠨᠢᠴᠠᠯᠤᠨ ᠬᠣᠭ ᠪᠣᠯᠭᠠᠯ᠎ᠠ᠃ ᠭᠤᠯᠢᠷ ᠰᠦᠭ ᠲᠦ᠍ ᠯᠡ ᠬᠠᠮᠤᠭ ᠭᠠᠢ ᠰᠢᠩᠭᠡᠭᠰᠡᠨ ᠮᠡᠲᠦ ᠰᠦᠢᠳ ᠪᠤᠯᠵᠠᠭᠠᠪᠠ᠃
– ᠴᠤᠭᠯᠠᠭᠤᠯᠵᠤ ᠠᠪᠤᠭᠠᠳ ᠬᠣᠯᠠ ᠠᠪᠠᠴᠢᠵᠤ ᠪᠤᠯᠠ! ᠲᠡᠭᠡᠭᠡᠳ ᠬᠠᠷ᠎ᠠ ᠴᠢᠯᠠᠭᠤ ᠪᠠᠷ ᠳᠡᠭᠡᠷ᠎ᠡ ᠡᠴᠡ ᠨᠢ ᠳᠠᠷᠤ! ᠭᠡᠵᠦ ᠯᠥᠨᠳᠥᠩᠵᠤᠨᠠᠢ ᠭᠠᠪᠵᠤ ᠱᠠᠪᠢ ᠨᠠᠷ ᠲᠤ᠌ ᠪᠠᠨ ᠴᠢᠩᠳᠠᠯᠠᠨ ᠲᠤᠰᠢᠶᠠᠯ᠎ᠠ᠃ ᠱᠠᠪᠢ ᠨᠠᠷ ᠨᠢ ᠬᠡᠯᠡᠭᠰᠡᠨ ᠶᠣᠰᠣᠭᠠᠷ ᠭᠤᠯᠢᠷ ᠰᠦᠭ ᠨᠦ᠍ᠭᠦᠳ ᠦ᠋ᠨ ᠬᠡᠯᠲᠡᠷᠬᠡᠢ ᠨᠦ᠍ᠭᠦᠳ ᠢ᠋ ᠬᠠᠮᠤᠵᠤ ᠠᠪᠤᠭᠠᠳ ᠬᠣᠯᠠ ᠠᠪᠠᠴᠢᠵᠤ ᠪᠤᠯᠠᠬᠤ ᠪᠠᠷ ᠣᠳᠤᠯ᠎ᠠ᠃ ᠭᠠᠪᠵᠤ ᠲᠡᠢᠨ ᠬᠦ᠌ ᠡᠷᠭᠢᠵᠦ ᠪᠠᠢᠰᠢᠩ ᠳ᠋ᠤ᠌ ᠣᠷᠣᠵᠤ ᠢᠷᠡᠪᠡᠯ ᠰᠠᠩᠵᠢ ᠭᠡᠰᠦᠯ ᠥᠭᠡᠳᠡ ᠲᠡᠢ ᠰᠠᠢᠵᠢᠷᠠᠭᠰᠠᠨ ᠶᠠᠭᠤᠮ᠎ᠠ ᠣᠭᠲᠣ ᠦᠭᠡᠢ᠃ ᠬᠠᠷᠢᠨ ᠴᠤ᠌ ᠳᠣᠷᠣᠢᠲᠠᠬᠤ ᠮᠠᠢᠭ ᠲᠠᠢ ᠬᠠᠷᠠᠭᠳᠠᠯ᠎ᠠ᠃ ᠯᠥᠨᠳᠥᠩᠵᠤᠨᠠᠢ ᠭᠠᠪᠵᠤ ᠰᠡᠳᠬᠢᠯ ᠵᠣᠪᠠᠵᠤ 《ᠰᠦᠨᠡᠰᠦ ᠨᠢ ᠡᠷᠭᠢᠵᠦ ᠢᠷᠡᠭᠡ ᠦᠭᠡᠢ ᠪᠠᠢᠬᠤ ᠨᠢ ᠠ᠋᠃ ᠲᠥᠭᠡᠷᠢᠵᠡᠢ᠂ ᠶᠠᠩᠵᠤ ᠨᠢ᠃ ᠣᠳᠣ ᠲᠡᠭᠡᠬᠦ ᠪᠡᠷ ᠶᠠᠭᠠᠬᠢᠬᠤ ᠪᠢᠯᠡ》 ᠭᠡᠵᠦ ᠪᠣᠳᠣᠪᠠ᠃ ᠪᠣᠳᠣᠯ ᠳ᠋ᠠᠭᠠᠨ ᠳᠠᠷᠤᠭᠳᠠᠨ ᠪᠦᠷ ᠵᠣᠪᠠᠴᠢᠬᠠᠯᠠ᠃
ᠯᠥᠨᠳᠥᠩᠵᠤᠨᠠᠢ ᠭᠠᠪᠵᠤ ᠪᠣᠯ ᠱᠠᠵᠪᠤᠲ ᠤ᠋ᠨ ᠤᠬᠠᠭᠠᠨ ᠳ᠋ᠤ᠌ ᠶᠤᠮ ᠤᠤ ᠯᠾᠠᠩᠲ᠋ᠠᠪᠴᠢᠮᠪᠠ ᠶ᠋ᠢ ᠶᠡᠷᠦ ᠰᠤᠳᠤᠯᠵᠤ ᠶᠠᠪᠤᠭ᠎ᠠ ᠦᠭᠡᠢ ᠪᠣᠯᠬᠣᠷ ᠡᠪᠡᠳᠴᠢᠨ ᠢ᠋ ᠭᠠᠭᠴᠠᠬᠦ ᠰᠡᠳᠬᠢᠯ ᠦ᠋ᠨ ᠵᠠᠰᠠᠯ ᠢ᠋ᠶ᠋ᠠᠷ ᠠᠨᠠᠭᠠᠬᠤ ᠶ᠋ᠢ ᠪᠣᠳᠣᠳᠠᠭ ᠬᠥᠮᠦᠨ ᠪᠠᠢᠵᠠᠢ᠃ ᠲᠡᠷᠡ ᠯᠠ ᠶᠣᠰᠣᠭᠠᠷ ᠢ᠋ᠶ᠋ᠠᠨ ᠭᠡᠰᠦᠯ ᠰᠠᠩᠵᠢ ᠶ᠋ᠢ ᠡᠮᠴᠢᠯᠡᠬᠦ ᠶ᠋ᠢ ᠬᠦᠰᠡᠵᠡᠢ᠃ ᠲᠡᠷᠡ ᠨᠢ ᠪᠦᠲᠦᠯ ᠲᠡᠢ ᠶᠠᠭᠤᠮ᠎ᠠ ᠪᠣᠯᠤᠮᠠᠷ ᠦᠭᠡᠢ ᠪᠠᠢᠪᠠ᠃ ᠱᠠᠪᠢ ᠨᠠᠷ ᠢ᠋ ᠪᠡᠨ ᠪᠤᠴᠠᠵᠤ ᠢᠷᠡᠬᠦ ᠳ᠋ᠦ᠍ ᠯᠥᠨᠳᠥᠩᠵᠤᠨᠠᠢ ᠭᠠᠪᠵᠤ᠄
– ᠵᠠ ᠬᠡᠦᠬᠡᠳ ᠦ᠋ᠳ ᠠ᠋! ᠰᠦᠨᠡᠰᠦ ᠨᠢ ᠲᠥᠭᠡᠷᠢᠴᠢᠬᠡᠭᠰᠡᠨ ᠪᠣᠯᠤᠯᠲᠠᠢ᠃ ᠲᠡᠭᠡᠬᠦ ᠪᠡᠷ ᠪᠢ ᠳᠠᠬᠢᠨ ᠳᠥᠯᠬᠢᠭᠡᠰᠦ ᠦᠵᠡᠭᠦᠯᠵᠦ ᠵᠡᠳᠬᠡᠷ ᠡᠴᠡ ᠰᠠᠯᠭᠠᠬᠤ ᠠ᠋ᠴᠠ ᠶᠠᠭᠠᠬᠢᠬᠤ ᠪᠣᠢ? ᠲᠠ ᠨᠠᠷ ᠲᠠᠪᠤᠨ ᠥᠩᠭᠡ ᠶ᠋ᠢᠨ ᠳᠠᠷᠵᠢᠨ ᠪᠡᠯᠡᠳᠬᠡᠭᠰᠡᠨ ᠦᠦ? ᠭᠡᠪᠡ᠃ ᠲᠠᠪᠤᠨ ᠥᠩᠭᠡ ᠶ᠋ᠢᠨ ᠳᠠᠷᠵᠢᠨ ᠭᠡᠳᠡᠭ ᠲᠤᠤᠵᠠ ᠶ᠋ᠢ ᠱᠠᠪᠢ ᠨᠠᠷ ᠪᠡᠯᠡᠳᠬᠡᠵᠡᠢ᠃
– ᠡᠭᠦᠨ ᠦ᠌ ᠲᠣᠯᠣᠭᠠᠢ ᠶ᠋ᠢ ᠣᠷᠢᠶᠠᠵᠤ ᠭᠠᠳᠠᠭᠰᠢ ᠬᠠᠭᠠᠯᠭ᠎ᠠ ᠪᠠᠷ ᠭᠠᠷᠭᠠᠨ ᠳᠠᠷᠵᠢᠨ ᠢ᠋ᠶ᠋ᠠᠨ ᠳᠠᠯ᠎ᠠ! ᠭᠡᠵᠦ ᠪᠠᠭᠰᠢ ᠯᠠᠮᠠ ᠨᠢ ᠵᠢᠭᠠᠪᠤᠷᠢᠯᠠᠪᠠ᠃ ᠲᠡᠷᠡ ᠶᠣᠰᠣᠭᠠᠷ ᠥᠩᠭᠡ ᠶ᠋ᠢᠨ ᠲᠤᠤᠵᠠ ᠶ᠋ᠢᠨ ᠨᠢᠭᠡ ᠦᠵᠦᠭᠦᠷ ᠢ᠋ᠶ᠋ᠡᠷ ᠰᠠᠩᠵᠢ ᠶ᠋ᠢᠨ ᠲᠣᠯᠣᠭᠠᠢ ᠶ᠋ᠢ ᠣᠷᠢᠶᠠᠵᠤ᠂ ᠨᠥᠬᠥᠭᠡ ᠦᠵᠦᠭᠦᠷ ᠢ᠋ ᠭᠠᠳᠠᠭᠰᠢ ᠭᠠᠷᠭᠠᠯ᠎ᠠ᠃
ᠯᠥᠨᠳᠥᠩᠵᠤᠨᠠᠢ ᠯᠠᠮᠠ ᠳᠠᠬᠢᠨ ᠤᠩᠰᠢᠯᠭ᠎ᠠ ᠦᠢᠯᠡᠳᠴᠦ ᠡᠬᠢᠯᠡᠪᠡ᠃ ᠪᠡᠶ᠎ᠡ ᠡᠴᠡ ᠳᠤᠷ᠎ᠠ ᠮᠡᠳᠡᠨ ᠵᠠᠢᠯᠠᠵᠤ ᠲᠡᠨᠦᠭᠦᠴᠢᠯᠡᠨ ᠶᠠᠪᠤᠭ᠎ᠠ ᠰᠦᠨᠡᠰᠦ ᠶ᠋ᠢ ᠠᠶᠤᠯᠭᠠᠨ ᠰᠦᠷᠳᠡᠭᠦᠯᠬᠦ᠂ ᠴᠢᠳᠬᠥᠷ ᠰᠢᠮᠨᠤᠰ ᠤ᠋ᠨ ᠣᠷᠣᠨ ᠢ᠋ ᠵᠦᠬᠡᠨ ᠬᠠᠷᠢᠶᠠᠬᠤ ᠵᠡᠷᠭᠡ ᠪᠡᠷ ᠭᠠᠪᠵᠤ ᠠᠰᠤᠷᠤ ᠰᠦᠷᠲᠡᠢ ᠨᠣᠮ ᠤᠩᠰᠢᠵᠤ ᠪᠠᠢᠯ᠎ᠠ᠃ ᠲᠡᠷᠡ ᠬᠣᠭᠣᠷᠣᠨᠳᠣ ᠬᠡᠳᠦᠨ ᠬᠤᠸᠠᠷᠠᠭ ᠭᠠᠳᠠᠭ᠎ᠠ ᠭᠠᠷᠴᠤ ᠰᠢᠪᠠᠷ ᠲᠠᠭᠠᠵᠠ ᠶ᠋ᠢ ᠡᠷᠭᠢᠨ ᠭᠤᠷᠢᠶᠠᠯᠠᠵᠤ᠂ ᠵᠠᠯᠪᠠᠷᠢᠵᠠᠭᠠᠨ᠄
– ᠢᠷ᠎ᠡ! ᠢᠷ᠎ᠡ! ᠢᠷ᠎ᠡ! ᠭᠡᠵᠦ ᠭᠤᠩᠰᠢᠭᠢᠨᠠᠨ ᠴᠢᠷᠠᠢᠯᠠᠵᠠᠭᠠᠵᠤ ᠶᠠᠪᠤᠯ᠎ᠠ᠃ ᠯᠥᠨᠳᠥᠭ᠍ᠵᠥᠨᠡᠢᠳᠡᠨ ᠤᠩᠰᠢᠯᠭ᠎ᠠ ᠦᠷᠭᠦᠯᠵᠢᠯᠡᠭᠦᠯᠦᠨ ᠳᠦᠩᠭᠢᠨᠡᠭᠦᠯᠵᠦ ᠪᠠᠢᠭᠰᠠᠨ ᠢ᠋ᠶ᠋ᠠᠨ᠄
– ᠢᠷᠡᠭᠡ ᠦᠦ! ᠢᠷᠡᠭᠡ ᠦᠦ? ᠢᠷᠡᠭᠡ ᠦᠦ? ᠭᠡᠵᠦ ᠮᠠᠰᠢ ᠴᠢᠩᠭ᠎ᠠ ᠪᠠᠷ ᠬᠠᠰᠬᠢᠷᠤᠨ ᠠᠰᠠᠭᠤᠵᠠᠢ᠃ ᠭᠠᠳᠠᠭ᠎ᠠ ᠪᠠᠢᠰᠢᠩ ᠲᠣᠭᠣᠷᠢᠭᠠᠳ ᠭᠤᠷᠢᠶᠠᠯᠠᠵᠤ ᠶᠠᠪᠤᠭᠰᠠᠨ ᠯᠠᠮᠠ ᠨᠠᠷ ᠲᠡᠭᠦᠨ ᠦ᠌ ᠬᠠᠷᠢᠭᠤ ᠳ᠋ᠤ᠌᠄
– ᠢᠷᠡᠪᠡ ᠠ᠋! ᠢᠷᠡᠪᠡ ᠠ᠋! ᠢᠷᠡᠪᠡ ᠠ᠋! ᠭᠡᠵᠦ ᠭᠤᠷᠪᠠᠨᠲᠠ ᠴᠢᠩᠭ᠎ᠠ ᠬᠠᠰᠬᠢᠷᠤᠨ ᠬᠠᠷᠢᠭᠤ ᠥᠴᠢᠯ᠎ᠡ᠃ ᠲᠡᠳᠡᠨ ᠦ᠌ ᠳᠠᠭᠤ ᠭᠠᠰᠠᠯᠬᠤ ᠮᠡᠲᠦ ᠠᠶᠠᠭᠦᠢ ᠰᠣᠨᠣᠰᠳᠠᠪᠠ᠃
ᠲᠡᠭᠦᠨ ᠢ᠋ ᠰᠣᠨᠣᠰᠤᠭᠠᠳ ᠯᠥᠨᠳᠥᠩᠵᠤᠨᠠᠢ ᠭᠠᠪᠵᠤ ᠡᠮᠦᠨᠡᠬᠢ ᠲᠠᠪᠠᠭ ᠳᠡᠭᠡᠷ᠎ᠡ ᠪᠡᠨ ᠪᠡᠯᠡᠳᠬᠡᠭᠰᠡᠨ ᠠᠷᠪᠠᠢ ᠠ᠋ᠴᠠ ᠠᠳᠬᠤᠨ ᠠᠪᠴᠤ ᠰᠠᠩᠵᠢ ᠭᠡᠰᠦᠯ ᠤᠷᠤᠭᠤ ᠲᠠᠷᠨᠢᠳᠠᠨ ᠴᠠᠴᠤᠪᠠ᠃ ᠭᠠᠳᠠᠨ᠎ᠠ ᠠ᠋ᠴᠠ ᠬᠥᠮᠦᠰ ᠣᠷᠣᠵᠤ ᠢᠷᠡᠭᠡᠳ ᠲᠠᠪᠤᠨ ᠥᠩᠭᠡ ᠶ᠋ᠢᠨ ᠲᠤᠤᠵᠠ ᠶ᠋ᠢ ᠡᠪᠬᠡᠵᠦ ᠰᠠᠩᠵᠢ ᠭᠡᠰᠦᠯ ᠦ᠋ᠨ ᠬᠦᠵᠦᠭᠦᠨ ᠡᠴᠡ ᠵᠡᠭᠦᠵᠦ ᠥᠭᠪᠡ᠃
– ᠳᠣᠯᠣᠭ᠎ᠠ ᠬᠣᠨᠣᠭ ᠳᠠᠷᠵᠢᠨ ᠢ᠋ ᠠᠪᠴᠤ ᠪᠣᠯᠬᠤ ᠦᠭᠡᠢ! ᠭᠡᠵᠦ ᠯᠥᠨᠳᠥᠩᠵᠤᠨᠠᠢ ᠭᠠᠪᠵᠤ ᠵᠢᠭᠠᠪᠤᠷᠢᠯᠠᠪᠠ᠃ ᠠᠯᠠᠭ ᠡᠷᠢᠶᠡᠨ ᠳᠠᠷᠵᠢᠨ ᠠ᠋ᠴᠠ ᠯᠠ ᠰᠢᠯᠲᠠᠭᠠᠯᠠᠬᠤ ᠶᠤᠮ ᠰᠢᠭ᠋!
ᠰᠥᠨᠢ ᠶᠡᠬᠡ ᠣᠷᠣᠢ ᠪᠣᠯᠤᠭᠰᠠᠨ ᠲᠤᠯᠠ ᠡᠪᠡᠳᠴᠢᠲᠡᠨ ᠢ᠋ ᠮᠥᠨ ᠯᠡ ᠣᠷᠬᠢᠵᠤ ᠴᠥᠮ ᠢ᠋ᠶ᠋ᠡᠷ ᠢ᠋ᠶ᠋ᠡᠨ ᠶᠠᠪᠤᠵᠠᠭᠠᠯ᠎ᠠ᠃《ᠣᠳᠣ ᠰᠠᠩᠵᠢ ᠶ᠋ᠢᠨ ᠰᠦᠨᠡᠰᠦ ᠠᠷᠭ᠎ᠠ ᠦᠭᠡᠢ ᠯᠡ ᠨᠢᠭᠡ ᠪᠤᠴᠠᠵᠤ ᠢᠷᠡᠭᠡ ᠪᠢᠵᠡ ᠳᠡ᠃ ᠶᠠᠭᠤ ᠪᠣᠳᠣᠵᠤ ᠶᠠᠪᠤᠵᠤ ᠰᠦᠨᠡᠰᠦ ᠨᠢ ᠵᠠᠢᠯᠠᠨ ᠲᠥᠭᠡᠷᠢᠳᠡᠭ ᠶᠦᠮ ᠪᠣᠢ ᠳᠠ》 ᠭᠡᠵᠦ ᠨᠢᠭᠡ ᠵᠢᠩᠳᠠᠭᠠᠨ ᠤ᠋ ᠬᠢᠨ ᠨᠢ ᠪᠠᠷᠤᠭ ᠢᠵᠢᠯ ᠪᠣᠳᠣᠯ ᠲᠠᠢ ᠪᠠᠢᠯ᠎ᠠ᠃ ᠪᠠᠭᠰᠢ ᠯᠠᠮᠠ ᠶ᠋ᠢᠨ ᠢ᠋ᠶ᠋ᠡᠨ ᠬᠣᠢᠨ᠎ᠠ ᠠ᠋ᠴᠠ ᠳᠠᠩᠰᠠᠯᠠᠵᠤ ᠰᠢᠨᠠᠯᠤᠭᠰᠠᠨ ᠢ᠋ᠶ᠋ᠠᠨ ᠨᠥᠬᠥᠳ ᠲᠦ᠍ ᠪᠡᠨ ᠬᠡᠯᠡᠭᠰᠡᠨ ᠪᠣᠯ ᠲᠡᠳᠡ ᠠᠷᠭ᠎ᠠ ᠦᠭᠡᠢ ᠯᠡ ᠵᠠᠢᠯᠬᠤ ᠪᠠᠢᠵᠤ ᠭᠡᠵᠦ ᠢᠲᠡᠭᠡᠬᠦ ᠳ᠋ᠦ᠍ ᠬᠦᠷᠬᠦ ᠨᠢ ᠯᠠᠪᠲᠠᠢ ᠪᠢᠯᠡ᠃ ᠨᠤᠮᠨᠡᠢ ᠰᠠᠬᠢᠭᠰᠠᠨ ᠠ᠋ᠴᠠ ᠪᠡᠶ᠎ᠡ ᠮᠠᠭᠤᠳᠠᠵᠤ ᠰᠦᠨᠡᠰᠦ ᠵᠠᠢᠯᠠᠭᠰᠠᠨ ᠭᠡᠪᠡᠯ ᠲᠡᠳᠡ ᠣᠭᠲᠣ ᠢᠲᠡᠭᠡᠬᠦ ᠦᠭᠡᠢ ᠯᠡ ᠪᠠᠢᠭᠰᠠᠨ᠃ ᠭᠡᠪᠡᠴᠦ ᠦᠨᠡᠨ ᠬᠡᠷᠡᠭ ᠳᠡᠭᠡᠷ᠎ᠡ ᠪᠡᠨ ᠠᠷᠪᠠᠨ ᠵᠢᠷᠭᠤᠭ᠎ᠠ ᠬᠣᠨᠣᠭ ᠤ᠋ᠨ ᠥᠯᠥᠰᠬᠦᠯᠡᠩ ᠦ᠋ᠨ ᠭᠠᠷ ᠢ᠋ ᠰᠠᠩᠵᠢ ᠭᠡᠰᠦᠯ ᠳᠠᠭᠠᠭᠠᠭᠠ ᠦᠭᠡᠢ ᠴᠦ᠍ ᠶᠦᠮ ᠪᠢᠯᠡ ᠤᠤ᠂ ᠪᠤᠤ ᠮᠡᠳᠡ᠃ ᠶᠠᠮᠠᠷ ᠴᠤ᠌ ᠭᠡᠰᠡᠨ ᠪᠡᠶ᠎ᠡ ᠶᠡᠬᠡᠬᠡᠨ ᠰᠤᠯᠠᠷᠠᠵᠤ ᠳᠣᠷᠣᠢᠲᠠᠵᠠᠢ᠃ ᠯᠥᠨᠳᠥᠩᠵᠤᠨᠠᠢ ᠭᠠᠪᠵᠤ᠂ ᠱᠠᠪᠢ ᠨᠠᠷ ᠤ᠋ᠨ ᠢ᠋ᠶ᠋ᠠᠨ ᠬᠠᠮᠲᠤ ᠪᠠᠷ ᠰᠠᠩᠵᠢ ᠭᠡᠰᠦᠯ ᠦ᠋ᠨ ᠠᠮᠢ ᠶ᠋ᠢ ᠠᠪᠤᠷᠠᠬᠤ᠂ ᠰᠦᠨᠡᠰᠦ ᠶ᠋ᠢ ᠨᠢ ᠪᠤᠴᠠᠭᠠᠵᠤ ᠳᠠᠭᠤᠳᠠᠬᠤ ᠲᠠᠯ᠎ᠠ ᠪᠠᠷ ᠴᠢᠳᠠᠬᠤ ᠪᠦᠬᠦᠨ ᠢ᠋ᠶ᠋ᠡᠨ ᠬᠢᠵᠡᠢ᠃ ᠣᠳᠣ ᠭᠠᠭᠴᠠᠬᠠᠨ ᠰᠠᠩᠵᠢ ᠶ᠋ᠢᠨ ᠡᠮᠦᠨ᠎ᠡ ᠡᠴᠡ ᠬᠡᠨ ᠨᠢᠭᠡᠨ ᠢ᠋ ᠵᠣᠯᠢᠭ ᠲᠤ᠌ ᠭᠠᠷᠭᠠᠬᠤ ᠦᠯᠡᠲᠡᠯ᠎ᠡ᠃ ᠭᠡᠪᠡᠴᠦ ᠨᠡᠷ᠎ᠡ ᠠᠯᠳᠠᠷ ᠦᠭᠡᠢ᠂ ᠥᠴᠦᠬᠡᠨ ᠭᠡᠰᠦᠯ ᠦ᠋ᠨ ᠲᠥᠯᠥᠭᠡ ᠬᠡᠨ ᠴᠦ᠍ ᠵᠣᠯᠢᠭ ᠲᠤ᠌ ᠭᠠᠷᠬᠤ ᠶ᠋ᠢ ᠬᠦᠰᠡᠬᠦ ᠦᠭᠡᠢ ᠨᠢ ᠲᠣᠳᠣᠷᠬᠠᠢ ᠪᠢᠯᠡ᠃ ᠭᠠᠭᠴᠠᠬᠦ ᠵᠠᠶᠠᠭ᠎ᠠ ᠮᠡᠳᠡᠭᠰᠡᠨ ᠬᠡᠷᠡᠭ ᠪᠣᠯᠵᠠᠢ᠃
