ᠨᠢᠭᠡ ᠯᠠ ᠮᠡᠳᠡᠬᠦ ᠳᠦ ᠠᠭᠤᠯᠵᠠᠨ᠎ᠠ ᠳ᠋ᠠ -ᠨᠡᠢᠲᠡᠨᠳᠣᠷᠵᠢ᠂ ᠨᠣᠮᠢᠨᠴᠢᠮᠡᠭNeg l medehed uulzana daa _ Нэг л мэдэхэд уулзанадаа - Найдандорж, Номинчимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡ ᠯᠠ ᠮᠡᠳᠡᠬᠦ ᠳᠦ ᠠᠭᠤᠯᠵᠠᠨ᠎ᠠ ᠳ᠋ᠠ -ᠨᠡᠢᠲᠡᠨᠳᠣᠷᠵᠢ᠂ ᠨᠣᠮᠢᠨᠴᠢᠮᠡᠭNeg l medehed uulzana daa _ Нэг л мэдэхэд уулзанадаа - Найдандорж, Номинчимэг

ᠨᠢᠭᠡ ᠯᠠ ᠮᠡᠳᠡᠬᠦ ᠳᠦ ᠠᠭᠤᠯᠵᠠᠨ᠎ᠠ ᠳ᠋ᠠ -ᠨᠡᠢᠲᠡᠨᠳᠣᠷᠵᠢ᠂ ᠨᠣᠮᠢᠨᠴᠢᠮᠡᠭNeg l medehed uulzana daa _ Нэг л мэдэхэд уулзанадаа - Найдандорж, Номинчимэг

ᠠᠩᠭᠢᠯᠠᠯ:ᠳᠠᠭᠤᠤ ᠬᠥᠭᠵᠢᠮ
2023-08-24

390

ᠨᠢᠭᠡ ᠯᠡ ᠮᠡᠳᠡᠬᠦ ᠳ᠋ᠦ᠍ ᠠᠭᠤᠯᠵᠠᠨ᠎ᠠ ᠳ᠋ᠠ

    ᠦᠭᠡ᠄ ᠴ· ᠨᠠᠴᠤᠭᠳᠣᠷᠵᠢ 
    ᠠᠶ᠎ᠠ᠄ ᠶ· ᠴᠠᠳᠤᠪ 
    ᠳᠠᠭᠤᠴᠢᠨ᠄ ᠨᠡᠢᠲᠡᠨᠳᠣᠷᠵᠢ᠂ ᠨᠣᠮᠢᠨᠴᠢᠮᠡᠭ 
ᠮᠠᠨᠠᠨ ᠪᠤᠳᠠᠩ ᠬᠥᠰᠢᠭᠡᠯᠡᠭᠰᠡᠨ 
ᠠᠯᠤᠰ ᠤ᠋ᠨ ᠠᠭᠤᠯᠠᠰ ᠴᠡᠩᠬᠡᠷᠲᠦᠨ᠎ᠡ 
ᠮᠢᠨᠦ ᠬᠠᠢᠷᠠᠲᠠᠢ ᠡᠵᠢ ᠮᠢᠨᠢ 
ᠠᠮᠢᠳᠤᠷᠠᠨ ᠰᠠᠭᠤᠭ᠎ᠠ ᠨᠤᠲᠤᠭ ᠳ᠋ᠠ 
ᠮᠢᠨᠦ ᠬᠠᠢᠷᠠᠲᠠᠢ ᠡᠵᠢ ᠮᠢᠨᠢ 
ᠠᠮᠢᠳᠤᠷᠠᠨ ᠰᠠᠭᠤᠭ᠎ᠠ ᠨᠤᠲᠤᠭ ᠳ᠋ᠠ 

ᠬᠠᠷᠪᠤᠭᠰᠠᠨ ᠰᠤᠮᠤᠨ ᠠ᠋ᠴᠠ ᠴᠤ᠌ ᠬᠤᠷᠳᠤᠨ 
ᠨᠢᠰᠦᠭᠡᠳ ᠣᠴᠢᠮᠠᠷ ᠰᠠᠨᠠᠭᠳᠠᠨ᠎ᠠ 
ᠬᠠᠷᠠᠭᠤᠯᠳᠠᠨ ᠰᠠᠭᠤᠭ᠎ᠠ ᠡᠵᠢ ᠲᠡᠢ ᠪᠡᠨ
ᠬᠠᠷᠢᠵᠤ ᠣᠴᠢᠭᠠᠳ ᠵᠣᠯᠭᠠᠨ᠎ᠠ ᠳ᠋ᠠ 
ᠬᠠᠷᠠᠭᠤᠯᠳᠠᠨ ᠰᠠᠭᠤᠭ᠎ᠠ ᠡᠵᠢ ᠲᠡᠢ ᠪᠡᠨ
ᠬᠠᠷᠢᠵᠤ ᠣᠴᠢᠭᠠᠳ ᠵᠣᠯᠭᠠᠨ᠎ᠠ ᠳ᠋ᠠ 

ᠤᠨᠢᠶᠠᠷ ᠪᠤᠳᠠᠩ ᠬᠥᠰᠢᠭᠡᠯᠡᠭᠰᠡᠨ
ᠬᠣᠯᠠ ᠶ᠋ᠢᠨ ᠠᠭᠤᠯᠠᠰ ᠴᠡᠩᠬᠡᠷᠲᠦᠨ᠎ᠡ
ᠤᠭ ᠤ᠋ᠨ ᠬᠠᠢᠷᠠᠲᠠᠢ ᠡᠵᠢ ᠮᠢᠨᠢ
ᠬᠦᠯᠢᠶᠡᠵᠦ ᠰᠠᠭᠤᠭ᠎ᠠ ᠨᠤᠲᠤᠭ ᠳ᠋ᠠ 
ᠤᠭ ᠤ᠋ᠨ ᠬᠠᠢᠷᠠᠲᠠᠢ ᠡᠵᠢ ᠮᠢᠨᠢ
ᠬᠦᠯᠢᠶᠡᠵᠦ ᠰᠠᠭᠤᠭ᠎ᠠ ᠨᠤᠲᠤᠭ ᠳ᠋ᠠ 

ᠰᠠᠯᠬᠢᠨ ᠡᠴᠡ ᠴᠤ᠌ ᠬᠤᠷᠳᠤᠨ ᠪᠣᠯᠤᠭᠰᠠᠨ
ᠨᠢᠰᠦᠭᠡᠳ ᠣᠴᠢᠮᠠᠷ ᠰᠠᠨᠠᠭᠳᠠᠨ᠎ᠠ
ᠰᠠᠷᠠᠪᠴᠢᠯᠠᠨ ᠰᠠᠭᠤᠭ᠎ᠠ ᠡᠵᠢ ᠲᠡᠢ ᠪᠡᠨ
ᠨᠢᠭᠡ ᠯᠡ ᠮᠡᠳᠡᠬᠦ ᠳ᠋ᠦ᠍ ᠠᠭᠤᠯᠵᠠᠨ᠎ᠠ ᠳ᠋ᠠ 
ᠬᠠᠷᠠᠭᠤᠯᠳᠠᠨ ᠰᠠᠭᠤᠭ᠎ᠠ ᠡᠵᠢ ᠲᠡᠢ ᠪᠡᠨ
ᠬᠠᠷᠢᠵᠤ ᠣᠴᠢᠭᠠᠳ ᠵᠣᠯᠭᠠᠨ᠎ᠠ ᠳ᠋ᠠ 
ᠨᠢᠭᠡ ᠯᠡ ᠮᠡᠳᠡᠬᠦ ᠳ᠋ᠦ᠍ ᠠᠭᠤᠯᠵᠠᠨ᠎ᠠ ᠳ᠋ᠠ 
          ᠦᠰᠦᠭ ᠬᠠᠲᠠᠭᠴᠢ᠄ ᠪᠦᠷᠢᠨᠵᠢᠷᠭᠠᠯ
          ᠦᠰᠦᠭ ᠠᠮᠢᠯᠠᠭᠤᠯᠤᠭᠴᠢ᠄ ᠪᠦᠷᠢᠨᠵᠢᠷᠭᠠᠯ
          ᠬᠢᠨᠠᠭᠴᠢ᠄ ᠡᠩᠬᠡᠮᠡᠨᠳᠦ᠂ ᠣᠤᠠᠬᠣᠩᠬᠤᠸᠠᠷ