ᠠᠯᠲᠠᠨ ᠳᠠᠯᠳᠤ ᠰᠢᠷᠭ᠎ᠠАлтан дэлт шарга-ᠣᠷᠳᠣᠰ ᠠᠷᠠᠳ ᠤᠨ ᠳᠠᠭᠤᠤ31
ᠠᠯᠲᠠᠨ ᠳᠠᠯᠳᠤ ᠰᠢᠷᠭ᠎ᠠ
ᠪᠠᠷᠠᠭᠤᠨ ᠳᠡᠭᠡᠭᠦᠷ ᠭᠦᠶᠦᠯᠭᠡᠭᠴᠢ
ᠪᠠᠨᠲᠠᠩ ᠴᠣᠬᠣᠷ ᠮᠣᠷᠢ ᠮᠢᠨᠢ
ᠪᠠᠳᠮ᠎ᠠ ᠱ᠌ᠢᠷᠦ ᠴᠢᠮᠡᠭᠰᠡᠨ
ᠬᠡᠦᠬᠡᠨ ᠦᠷ᠎ᠡ ᠮᠢᠨᠢ ᠬᠥᠭᠡᠷᠦᠬᠦᠢ
ᠵᠡᠭᠦᠨ ᠳᠡᠭᠡᠭᠦᠷ ᠭᠦᠶᠦᠯᠭᠡᠭᠴᠢ
ᠵᠢᠰᠦᠨ ᠴᠣᠬᠣᠷ ᠮᠣᠷᠢ ᠮᠢᠨᠢ
ᠵᠦᠢᠯ ᠦ᠋ᠨ ᠲᠣᠷᠭ᠎ᠠ ᠴᠢᠮᠡᠭᠰᠡᠨ
ᠬᠡᠦᠬᠡᠨ ᠦᠷ᠎ᠡ ᠮᠢᠨᠢ ᠬᠥᠭᠡᠷᠦᠬᠦᠢ
ᠤᠷᠲᠤ ᠳᠡᠭᠡᠭᠦᠷ ᠭᠦᠶᠦᠯᠭᠡᠭᠴᠢ
ᠣᠳᠣᠨ ᠴᠣᠬᠣᠷ ᠮᠣᠷᠢ ᠮᠢᠨᠢ
ᠣᠭ᠌ᠶᠤ ᠱ᠌ᠢᠷᠦ ᠴᠢᠮᠡᠭᠰᠡᠨ
ᠬᠡᠦᠬᠡᠨ ᠦᠷ᠎ᠡ ᠮᠢᠨᠢ ᠬᠥᠭᠡᠷᠦᠬᠦᠢ
ᠮᠥᠰᠥᠨ ᠳᠡᠭᠡᠭᠦᠷ ᠭᠦᠶᠦᠯᠭᠡᠭᠴᠢ
ᠮᠥᠩᠭᠥᠨ ᠴᠣᠬᠣᠷ ᠮᠣᠷᠢ ᠮᠢᠨᠢ
ᠮᠥᠩᠭᠥ ᠱ᠌ᠢᠷᠦ ᠴᠢᠮᠡᠭᠰᠡᠨ
ᠬᠡᠦᠬᠡᠨ ᠦᠷ᠎ᠡ ᠮᠢᠨᠢ ᠬᠥᠭᠡᠷᠦᠬᠦᠢ
ᠠᠷᠤ ᠳᠡᠭᠡᠭᠦᠷ ᠭᠦᠶᠦᠯᠭᠡᠭᠴᠢ
ᠠᠯᠲᠠᠨ ᠳᠡᠯᠲᠦ ᠰᠢᠷᠭ᠎ᠠ ᠮᠢᠨᠢ
ᠠᠯᠲᠠ ᠮᠥᠩᠭᠥ ᠪᠡᠷ ᠴᠢᠮᠡᠭᠰᠡᠨ
ᠬᠡᠦᠬᠡᠨ ᠦᠷ᠎ᠡ ᠮᠢᠨᠢ ᠬᠥᠭᠡᠷᠦᠬᠦᠢ
ᠮᠠᠩᠬᠠᠨ ᠳᠡᠭᠡᠭᠦᠷ ᠭᠦᠶᠦᠯᠭᠡᠭᠴᠢ
ᠮᠠᠩᠨᠠᠢ ᠴᠣᠬᠣᠷ ᠮᠣᠷᠢ ᠮᠢᠨᠢ
ᠮᠠᠩᠨᠤᠭ ᠲᠣᠷᠭ᠎ᠠ ᠴᠢᠮᠡᠭᠰᠡᠨ
ᠬᠡᠦᠬᠡᠨ ᠦᠷ᠎ᠡ ᠮᠢᠨᠢ ᠬᠥᠭᠡᠷᠦᠬᠦᠢ
ᠰᠤᠯᠢᠲᠤ ᠲᠠᠯ᠎ᠠ ᠪᠠᠷ ᠭᠦᠶᠦᠯᠭᠡᠭᠴᠢ
ᠰᠤᠮᠤᠨ ᠴᠣᠬᠣᠷ ᠮᠣᠷᠢ ᠮᠢᠨᠢ
ᠰᠤᠪᠤᠳ ᠱ᠌ᠢᠷᠦ ᠴᠢᠮᠡᠭᠰᠡᠨ
ᠬᠡᠦᠬᠡᠨ ᠦᠷ᠎ᠡ ᠮᠢᠨᠢ ᠬᠥᠭᠡᠷᠦᠬᠦᠢ
ᠬᠤᠯᠤᠰᠤᠨ ᠳᠤᠮᠳᠠ ᠪᠠᠨ ᠭᠦᠶᠦᠯᠭᠡᠭᠰᠡᠨ
ᠬᠤᠯᠤᠰᠤᠨ ᠰᠢᠷᠭ᠎ᠠ ᠮᠣᠷᠢ ᠪᠠᠢᠨ᠎ᠠ
ᠬᠣᠷᠭᠣᠢ ᠲᠣᠷᠭ᠎ᠠ ᠴᠢᠮᠡᠭᠰᠡᠨ
ᠬᠡᠦᠬᠡᠨ ᠦᠷ᠎ᠡ ᠮᠢᠨᠢ ᠬᠥᠭᠡᠷᠦᠬᠦᠢ
ᠳᠡᠷᠡᠰᠦᠨ ᠳᠤᠮᠳᠠ ᠪᠠᠨ ᠤᠨᠠᠭᠠᠯᠠᠭᠰᠠᠨ
ᠳᠠᠷᠳᠠᠩ ᠰᠢᠷᠭ᠎ᠠ ᠮᠣᠷᠢ ᠪᠠᠢᠨ᠎ᠠ
ᠳᠠᠩᠴᠤ ᠬᠣᠯᠠ ᠦᠬᠦᠭᠰᠡᠨ
ᠬᠡᠦᠬᠡᠨ ᠦᠷ᠎ᠡ ᠮᠢᠨᠢ ᠬᠥᠭᠡᠷᠦᠬᠦᠢ
