ᠴᠢᠪᠠᠭ᠎ᠠ ᠶ᠋ᠢᠨ ᠰᠢᠯᠢЧавгын шил-ᠣᠷᠳᠣᠰ ᠠᠷᠠᠳ ᠤᠨ ᠳᠠᠭᠤᠤ30
ᠴᠢᠪᠠᠭ᠎ᠠ ᠶ᠋ᠢᠨ ᠰᠢᠯᠢ
ᠣᠷᠳᠣᠰ ᠠᠷᠠᠳ ᠤᠨ ᠳᠠᠭᠤᠤ
ᠴᠢᠪᠠᠭ᠎ᠠ ᠶ᠋ᠢᠨ ᠰᠢᠯᠢ ᠳᠡᠭᠡᠷ᠎ᠡ ᠪᠡᠨ ᠭᠠᠷᠬᠤ ᠳ᠋ᠤ᠌
ᠴᠢᠬᠠᠷᠠᠵᠤ ᠬᠠᠷᠠᠭᠳᠠᠬᠤ ᠰᠠᠷᠠᠯᠠᠢ ᠮᠢᠨᠢ
ᠦᠦᠰᠢᠨ ᠶᠣ᠌ ᠰᠠᠩᠵᠠᠢᠪᠠᠯ ᠤ᠋ᠨ ᠬᠤᠰᠢᠭᠤᠨ ᠳ᠋ᠤ᠌
ᠡᠷᠢᠪᠡᠴᠦ ᠣᠯᠳᠠᠰᠢ ᠦᠭᠡᠢ ᠰᠠᠷᠠᠯᠠᠢ ᠮᠢᠨᠢ
ᠪᠤᠯᠠᠭ ᠤ᠋ᠨ ᠤᠰᠤᠨ ᠠ᠋ᠴᠠ ᠲᠤᠩᠭᠠᠯᠠᠭ
ᠪᠤᠷᠭᠠᠰᠤ ᠶᠣ᠌ ᠮᠣᠳᠣᠨ ᠠ᠋ᠴᠠ ᠪᠠᠨ ᠭᠣᠶᠣ᠌ᠷᠬᠠᠭ
ᠦᠦᠰᠢᠨ ᠶᠣ᠌ ᠰᠠᠩᠵᠠᠢᠪᠠᠯ ᠤ᠋ᠨ ᠬᠤᠰᠢᠭᠤᠨ ᠳ᠋ᠤ᠌
ᠡᠷᠢᠪᠡᠴᠦ ᠣᠯᠳᠠᠰᠢ ᠦᠭᠡᠢ ᠰᠠᠷᠠᠯᠠᠢ ᠮᠢᠨᠢ
ᠲᠠᠬᠢᠯ ᠤ᠋ᠨ ᠤᠰᠤᠨ ᠠ᠋ᠴᠠ ᠲᠤᠩᠭᠠᠯᠠᠭ
ᠲᠠᠷᠢᠮᠠᠯ ᠶᠣ᠌ ᠮᠣᠳᠣᠨ ᠠ᠋ᠴᠠ ᠪᠠᠨ ᠭᠣᠶᠣ᠌ᠷᠬᠠᠭ
ᠦᠦᠰᠢᠨ ᠶᠣ᠌ ᠰᠠᠩᠵᠠᠢᠪᠠᠯ ᠤ᠋ᠨ ᠬᠤᠰᠢᠭᠤᠨ ᠳ᠋ᠤ᠌
ᠡᠷᠢᠪᠡᠴᠦ ᠣᠯᠳᠠᠰᠢ ᠦᠭᠡᠢ ᠰᠠᠷᠠᠯᠠᠢ ᠮᠢᠨᠢ
ᠬᠠᠷᠠᠵᠠ ᠶ᠋ᠢᠨ ᠤᠰᠤᠨ ᠠ᠋ᠴᠠ ᠲᠤᠩᠭᠠᠯᠠᠭ
ᠬᠠᠢᠯᠠᠰᠤ ᠶᠣ᠌ ᠮᠣᠳᠣᠨ ᠠ᠋ᠴᠠ ᠪᠠᠨ ᠭᠣᠶᠣ᠌ᠷᠬᠠᠭ
ᠦᠦᠰᠢᠨ ᠶᠣ᠌ ᠰᠠᠩᠵᠠᠢᠪᠠᠯ ᠤ᠋ᠨ ᠬᠤᠰᠢᠭᠤᠨ ᠳ᠋ᠤ᠌
ᠡᠷᠢᠪᠡᠴᠦ ᠣᠯᠳᠠᠰᠢ ᠦᠭᠡᠢ ᠰᠠᠷᠠᠯᠠᠢ ᠮᠢᠨᠢ
ᠴᠠᠪᠴᠢᠮᠠᠯ ᠴᠠᠭᠠᠨ ᠮᠣᠷᠢᠨ ᠢᠨᠵᠢ ᠲᠡᠢ
ᠴᠠᠪᠴᠢᠮᠠᠯ ᠴᠠᠭᠠᠨ ᠮᠥᠩᠭᠥᠨ ᠪᠠᠭᠤᠤ ᠲᠠᠢ
ᠦᠦᠰᠢᠨ ᠶᠣ᠌ ᠰᠠᠩᠵᠠᠢᠪᠠᠯ ᠤ᠋ᠨ ᠬᠤᠰᠢᠭᠤᠨ ᠳ᠋ᠤ᠌
ᠡᠷᠢᠪᠡᠴᠦ ᠣᠯᠳᠠᠰᠢ ᠦᠭᠡᠢ ᠰᠠᠷᠠᠯᠠᠢ ᠮᠢᠨᠢ
ᠬᠠᠯᠠᠭᠤᠮᠠᠯ ᠬᠠᠷ᠎ᠠ ᠮᠣᠷᠢᠨ ᠢᠨᠵᠢ ᠲᠡᠢ
ᠬᠠᠳᠬᠤᠮᠠᠯ ᠬᠠᠷ᠎ᠠ ᠮᠠᠩᠨᠤᠭ ᠤᠤᠵᠢ ᠲᠠᠢ
ᠦᠦᠰᠢᠨ ᠶᠣ᠌ ᠰᠠᠩᠵᠠᠢᠪᠠᠯ ᠤ᠋ᠨ ᠬᠤᠰᠢᠭᠤᠨ ᠳ᠋ᠤ᠌
ᠡᠷᠢᠪᠡᠴᠦ ᠣᠯᠳᠠᠰᠢ ᠦᠭᠡᠢ ᠰᠠᠷᠠᠯᠠᠢ ᠮᠢᠨᠢ
ᠲᠠᠷᠭᠤᠨ ᠰᠢᠷᠭᠠᠯ ᠮᠣᠷᠢ ᠲᠠᠢ
ᠲᠣᠭᠣᠷ ᠤ᠋ᠨ ᠤᠯᠠᠭᠠᠨ ᠬᠠᠴᠠᠷ ᠲᠠᠢ
ᠬᠤᠳᠳᠤᠭ ᠤ᠋ᠨ ᠤᠰᠤᠨ ᠠ᠋ᠴᠠ ᠲᠤᠩᠭᠠᠯᠠᠭ
ᠬᠤᠪᠢ ᠲᠠᠢ ᠲᠥᠷᠥᠭᠰᠡᠨ ᠰᠠᠷᠠᠯᠠᠢ ᠮᠢᠨᠢ
ᠬᠤᠯᠤᠰᠤᠨ ᠮᠣᠳᠣᠨ ᠠ᠋ᠴᠠ ᠪᠠᠨ ᠭᠣᠶᠣ᠌ᠷᠬᠠᠭ
ᠭᠣᠶᠣ᠌ᠬᠠᠨ ᠲᠥᠷᠥᠭᠰᠡᠨ ᠰᠠᠷᠠᠯᠠᠢ ᠮᠢᠨᠢ
ᠤᠷᠤᠰᠬᠠᠯ ᠤᠰᠤᠨ ᠠ᠋ᠴᠠ ᠪᠠᠨ ᠲᠤᠩᠭᠠᠯᠠᠭ
ᠤᠷᠠᠨ ᠲᠥᠷᠥᠭᠰᠡᠨ ᠰᠠᠷᠠᠯᠠᠢ ᠮᠢᠨᠢ
ᠤᠷᠭᠤᠮᠠᠯ ᠮᠣᠳᠣᠨ ᠠ᠋ᠴᠠ ᠪᠠᠨ ᠲᠤᠩᠭᠠᠯᠠᠭ
ᠤᠶᠠᠬᠠᠨ ᠲᠥᠷᠥᠭᠰᠡᠨ ᠰᠠᠷᠠᠯᠠᠢ ᠮᠢᠨᠢ
ᠬᠠᠲᠤᠨ ᠤᠰᠤᠨ ᠠ᠋ᠴᠠ ᠪᠠᠨ ᠲᠤᠩᠭᠠᠯᠠᠭ
ᠬᠠᠢᠷᠠᠬᠠᠨ ᠲᠥᠷᠥᠭᠰᠡᠨ ᠰᠠᠷᠠᠯᠠᠢ ᠮᠢᠨᠢ
ᠬᠠᠢᠯᠠᠰᠤᠨ ᠮᠣᠳᠣᠨ ᠠ᠋ᠴᠠ ᠪᠠᠨ ᠭᠣᠶᠣ᠌ᠯᠢᠭ
ᠰᠠᠢᠬᠠᠨ ᠲᠥᠷᠥᠭᠰᠡᠨ ᠰᠠᠷᠠᠯᠠᠢ ᠮᠢᠨᠢ
ᠠᠯᠢᠮ᠎ᠠ ᠶ᠋ᠢᠨ ᠰᠢᠯᠢ ᠳᠡᠭᠡᠷ᠎ᠡ ᠪᠡᠨ ᠭᠠᠷᠬᠤ ᠳ᠋ᠤ᠌
ᠠᠷᠪᠠᠨ ᠨᠠᠢ᠍ᠮᠠᠨ ᠲᠠᠢ ᠰᠠᠷᠠᠯᠠᠢ ᠮᠢᠨᠢ
