ᠪᠤᠷᠢᠶᠠᠳ ᠤᠯᠤᠰ ᠤᠨ ᠲᠥᠷᠥ᠍ ᠶᠢᠨ ᠳᠠᠭᠤᠯᠠᠯбуриад Улсын төрийн дуулал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠢᠶᠠᠳ ᠤᠯᠤᠰ ᠤᠨ ᠲᠥᠷᠥ᠍ ᠶᠢᠨ ᠳᠠᠭᠤᠯᠠᠯбуриад Улсын төрийн дуулал

ᠪᠤᠷᠢᠶᠠᠳ ᠤᠯᠤᠰ ᠤᠨ ᠲᠥᠷᠥ᠍ ᠶᠢᠨ ᠳᠠᠭᠤᠯᠠᠯбуриад Улсын төрийн дуулал

ᠠᠩᠭᠢᠯᠠᠯ:ᠳᠠᠭᠤᠤ ᠬᠥᠭᠵᠢᠮ
2024-08-21

1355

ᠪᠤᠷᠢᠶᠠᠳ ᠤᠯᠤᠰ ᠤᠨ ᠲᠥᠷᠥ᠍ ᠶᠢᠨ ᠳᠠᠭᠤᠯᠠᠯ

    Буряад уласай түрын дуулал
    ᠦᠭᠡ ᠄ ᠲᠠᠮᠪᠠ᠂ ᠵᠠᠯᠰᠠᠷᠠᠶ᠋ᠢᠶᠸᠸᠸ    
    Үгэнь : Дамба . Жалсараев
    ᠬᠥᠭᠵᠢᠮ ᠄ ᠠᠨᠠᠲ᠋ᠣᠯᠢ  ᠠᠨᠳᠧᠷᠢᠶᠸᠶᠸᠸᠸ 
    Хүгжэмэнь : Анатолий Андреев

ᠥᠩᠭᠡ ᠶ᠋ᠢᠨ ᠳᠠᠢᠳᠤ ᠪᠠᠷ᠂ ᠬᠠᠩᠭᠠᠢ ᠲᠠᠢᠭ᠎ᠠ ᠪᠠᠷ ᠨᠡᠯᠦᠢᠭᠰᠡᠨ 
ᠥᠯᠵᠡᠢ ᠪᠤᠷᠢᠶᠠᠳ— ᠮᠠᠨ ᠤ᠋ ᠨᠠᠨᠳᠢᠨ ᠥᠯᠥᠭᠡᠢ 
ᠴᠡᠯᠮᠡᠭ ᠴᠠᠷᠢᠭᠤᠨ ᠴᠡᠩᠬᠡᠷ ᠨᠣᠮᠢᠨ ᠴᠢᠷᠠᠢ ᠴᠢᠨᠢ 
ᠰᠡᠳᠬᠢᠯ ᠳ᠋ᠦ᠍ ᠮᠢᠨᠢ ᠬᠡᠵᠢᠶᠡᠳᠡ ᠴᠦ᠍ ᠵᠤᠯᠭᠤᠢ 
ᠴᠡᠯᠮᠡᠭ ᠴᠠᠷᠢᠭᠤᠨ ᠴᠡᠩᠬᠡᠷ ᠨᠣᠮᠢᠨ ᠴᠢᠷᠠᠢ ᠴᠢᠨᠢ 
ᠰᠡᠳᠬᠢᠯ ᠳ᠋ᠦ᠍ ᠮᠢᠨᠢ ᠬᠡᠵᠢᠶᠡᠳᠡ ᠴᠦ᠍ ᠵᠤᠯᠭᠤᠢ 

ᠡᠷᠬᠢᠮ ᠬᠠᠩᠭᠠᠯ ᠰᠠᠨᠵᠠᠢ ᠰᠢᠭ᠋ ᠠᠭᠠᠷ ᠲᠤ᠌ ᠴᠢᠨᠢ 
ᠡᠷᠴᠢ ᠬᠦᠴᠦ ᠪᠡᠷ ᠡᠯᠰᠡᠭᠦᠯᠦᠨ ᠦᠭᠡᠢ ᠶᠠᠭᠠᠬᠢᠬᠤ ᠯᠠ ᠪᠣᠢ 
ᠡᠮ ᠲᠡᠢ ᠲᠣᠮ ᠲᠠᠢ ᠮᠥᠩᠬᠡ ᠶ᠋ᠢᠨ ᠤᠰᠤᠨ ᠷᠠᠰᠢᠶᠠᠨ ᠳ᠋ᠤ᠌ ᠴᠢᠨᠢ 
ᠡᠯᠢᠭᠡ ᠵᠢᠷᠦᠬᠡ ᠪᠡᠨ ᠬᠦᠷᠲᠡᠭᠦᠯᠦᠨ ᠦᠭᠡᠢ ᠶᠠᠭᠠᠬᠢᠬᠤ ᠯᠠ ᠪᠣᠢ
ᠡᠮ ᠲᠡᠢ ᠲᠣᠮ ᠲᠠᠢ ᠮᠥᠩᠬᠡ ᠶ᠋ᠢᠨ ᠤᠰᠤᠨ ᠷᠠᠰᠢᠶᠠᠨ ᠳ᠋ᠤ᠌ ᠴᠢᠨᠢ
ᠡᠯᠢᠭᠡ ᠵᠢᠷᠦᠬᠡ ᠪᠡᠨ ᠭᠥᠷᠳᠡᠭᠦᠯᠦᠨ ᠦᠭᠡᠢ ᠶᠠᠭᠠᠬᠢᠬᠤ ᠯᠠ ᠪᠣᠢ

ᠬᠣᠯᠠ ᠶ᠋ᠢᠨ ᠵᠠᠮ ᠳ᠋ᠤ᠌ ᠪᠠᠨ ᠡᠬᠡ ᠶ᠋ᠢᠨ ᠶᠣᠰᠣ ᠪᠠᠷ ᠢᠷᠥᠭᠡᠵᠦ
ᠬᠥᠮᠦᠨ ᠵᠤᠨ ᠳ᠋ᠤ᠌ ᠪᠠᠨ ᠬᠡᠳᠦ ᠶ᠋ᠢᠨ ᠵᠢᠷᠭᠠᠯ ᠬᠦᠰᠡᠯ᠎ᠡ
ᠰᠠᠶᠠᠩ ᠬᠠᠳᠠ ᠶ᠋ᠢᠨ ᠴᠠᠯᠭᠢᠶᠠᠨ ᠠᠮᠢ ᠪᠠᠷ ᠠᠷᠢᠭᠤᠳᠬᠠᠨ
ᠪᠠᠢᠭᠠᠯ ᠳᠠᠯᠠᠢ ᠶ᠋ᠢᠨ ᠭᠡᠭᠡᠨ ᠳᠣᠯᠭᠢᠶᠠᠨ ᠢ᠋ᠶ᠋ᠠᠷ ᠰᠦᠷᠴᠢᠯ᠎ᠡ
ᠰᠠᠶᠠᠩ ᠬᠠᠳᠠ ᠶ᠋ᠢᠨ ᠴᠠᠯᠭᠢᠶᠠᠨ ᠠᠮᠢ ᠪᠠᠷ ᠠᠷᠢᠭᠤᠳᠬᠠᠨ
ᠪᠠᠢᠭᠠᠯᠢ ᠳᠠᠯᠠᠢ ᠶ᠋ᠢᠨ ᠭᠡᠭᠡᠨ ᠳᠣᠯᠭᠢᠶᠠᠨ ᠢ᠋ᠶ᠋ᠠᠷ ᠰᠦᠷᠴᠢᠯ᠎ᠡ

ᠰᠢᠷᠦᠭᠦᠨ ᠴᠠᠭ ᠤ᠋ᠨ ᠢᠷᠡᠭᠰᠡᠨ ᠴᠦ᠍ ᠳᠡᠯᠡᠬᠡᠢ ᠳ᠋ᠦ᠍
ᠴᠢᠨᠦ ᠵᠠᠶᠠᠭᠠᠨ ᠵᠠᠮ ᠠ᠋ᠴᠠ ᠬᠠᠳᠤᠤᠷᠠᠬᠤ ᠦᠭᠡᠢ ᠯᠡ
ᠡᠪᠲᠡᠢ ᠳᠣᠷᠢᠭᠤᠨ ᠪᠦᠯᠦ ᠶ᠋ᠢᠨ ᠶᠣᠰᠣ ᠪᠠᠷ ᠵᠢᠷᠭᠠᠭᠠᠴᠢ ᠳᠠ
ᠡᠩᠬᠡ ᠪᠤᠷᠢᠶᠠᠳ— ᠮᠠᠨ ᠤ᠋ ᠨᠠᠨᠳᠢᠨ ᠥᠯᠥᠭᠡᠢ
ᠡᠪᠲᠡᠢ ᠳᠣᠷᠢᠭᠤᠨ ᠪᠦᠯᠦ ᠶ᠋ᠢᠨ ᠶᠣᠰᠣ ᠪᠠᠷ ᠵᠢᠷᠭᠠᠭᠠᠴᠢ ᠳᠠ
ᠡᠩᠬᠡ ᠪᠤᠷᠢᠶᠠᠳ— ᠮᠠᠨ ᠤ᠋ ᠨᠠᠨᠳᠢᠨ ᠥᠯᠥᠭᠡᠢ

   ᠦᠰᠦᠭ ᠠᠮᠢᠯᠠᠭᠤᠯᠤᠭᠴᠢ᠄ ᠭᠡᠭᠡᠷᠡᠯ
   ᠦᠰᠦᠭ ᠬᠠᠲᠠᠭᠴᠢ᠄ ᠭᠡᠭᠡᠷᠡᠯ
   ᠬᠢᠨᠠᠭᠴᠢ᠄ ᠪᠠᠯᠳᠠᠨᠪᠠᠽᠠᠷ ᠂ ᠪᠠ᠊᠂ ᠪᠠᠯᠳᠠᠨᠳᠣᠷᠵᠢ