ᠠᠯᠠᠭ᠎ᠠ ᠲᠠᠰᠢᠬᠤ ᠲᠠᠮᠢᠷ-ᠮᠡᠳᠡᠯᠭᠡ ᠶ᠋ᠢᠨ ᠥᠷᠥᠭᠡ- ᠨᠠᠭᠤᠨᠪᠢᠯᠢᠭ᠌алга таших тамир-Мэдлэгийн өрөө–Нагунбилиг
ᠠᠯᠠᠭ᠎ᠠ ᠲᠠᠰᠢᠬᠤ ᠲᠠᠮᠢᠷ-ᠮᠡᠳᠡᠯᠭᠡ ᠶ᠋ᠢᠨ ᠥᠷᠥᠭᠡ
ᠨᠠᠭᠤᠨᠪᠢᠯᠢᠭ᠌
ᠭᠠᠷ ᠤ᠋ᠨ ᠠᠯᠠᠭᠠᠨ ᠳ᠋ᠤ᠌ ᠲᠠᠪᠤᠨ ᠴᠤᠯᠤ᠂ ᠵᠢᠷᠭᠤᠭᠠᠨ ᠰᠠᠪᠠ ᠵᠡᠷᠭᠡ ᠬᠥᠮᠦᠨ ᠦ᠌ ᠪᠡᠶ᠎ᠡ ᠶ᠋ᠢᠨ ᠡᠯ᠎ᠡ ᠡᠷᠬᠡᠲᠡᠨ ᠦ᠌ ᠬᠠᠷᠢᠭᠤ ᠲᠤᠰᠬᠠᠯ ᠤ᠋ᠨ ᠣᠷᠣᠨ ᠪᠠᠢᠳᠠᠭ᠃ ᠬᠥᠮᠦᠨ ᠦ᠌ ᠭᠠᠷ ᠤ᠋ᠨ ᠠᠯᠠᠭᠠᠨ ᠳ᠋ᠤ᠌ ᠪᠡᠶ᠎ᠡ ᠶ᠋ᠢᠨ ᠠᠮᠢ ᠨᠠᠰᠤᠨ ᠤ᠋ ᠮᠠᠰᠢ ᠣᠯᠠᠨ ᠮᠡᠳᠡᠭᠡ ᠵᠠᠩᠭᠢ ᠨᠢᠭᠤᠭᠳᠠᠵᠤ ᠪᠣᠢ᠂ ᠭᠠᠷ ᠨᠢ ᠪᠡᠶ᠎ᠡ ᠶ᠋ᠢᠨ ᠮᠠᠰᠢ ᠣᠯᠠᠨ ᠡᠷᠬᠡᠲᠡᠨ ᠦ᠌ ᠳᠣᠲᠣᠷᠠᠬᠢ ᠬᠠᠮᠤᠭ ᠤ᠋ᠨ ᠤᠪᠠᠳᠢᠰᠲᠤ ᠣᠷᠣᠨ ᠪᠣᠯᠬᠤ ᠶᠤᠮ᠃ ᠡᠮᠴᠢᠯᠡᠭᠡᠨ ᠳᠡᠭᠡᠷ᠎ᠡ ᠭᠠᠷ ᠤ᠋ᠨ ᠠᠯᠠᠭ᠎ᠠ ᠶ᠋ᠢ ᠰᠢᠨᠵᠢᠬᠦ ᠪᠡᠷ ᠳᠠᠮᠵᠢᠨ ᠡᠪᠡᠳᠴᠢᠨ ᠢ᠋ ᠲᠣᠳᠣᠯᠠᠵᠤ᠂ ᠭᠠᠷ ᠤ᠋ᠨ ᠠᠯᠠᠭᠠᠨ ᠤ᠋ ᠡᠮᠴᠢᠯᠡᠭᠡ ᠪᠡᠷ ᠪᠡᠶ᠎ᠡ ᠶ᠋ᠢᠨ ᠡᠪᠡᠳᠴᠢᠨ ᠢ᠋ ᠠᠨᠠᠭᠠᠵᠤ ᠪᠣᠯᠳᠠᠭ᠃ ᠣᠳᠣᠬᠠᠨ ᠳ᠋ᠤ᠌ ᠭᠠᠷ ᠤ᠋ᠨ ᠠᠯᠠᠭ᠎ᠠ ᠶ᠋ᠢ ᠰᠢᠨᠵᠢᠵᠦ ᠡᠪᠡᠳᠴᠢᠨ ᠲᠣᠳᠣᠯᠠᠬᠤ᠂ ᠭᠠᠷ ᠤ᠋ᠨ ᠠᠯᠠᠭᠠᠨ ᠤ᠋ ᠡᠮᠴᠢᠯᠡᠭᠡ ᠪᠡᠷ ᠡᠮᠨᠡᠬᠦ ᠨᠢ ᠤᠯᠠᠮ ᠢ᠋ᠶ᠋ᠠᠷ ᠬᠥᠮᠦᠰ ᠦ᠋ᠨ ᠠᠩᠬᠠᠷᠤᠯ ᠢ᠋ ᠲᠠᠲᠠᠵᠤ ᠪᠠᠢᠨ᠎ᠠ᠃ ᠶᠠᠭᠤᠨ ᠤ᠋ ᠡᠮᠦᠨ᠎ᠡ᠂ ᠭᠠᠷ ᠤ᠋ᠨ ᠬᠡᠰᠡᠭ ᠦ᠋ᠨ ᠪᠠᠯᠴᠢᠷ ᠵᠢᠴᠢ ᠲᠤᠰᠬᠠᠯ ᠣᠷᠣᠨ ᠢ᠋ ᠢᠯᠢᠵᠦ ᠨᠤᠬᠤᠯᠠᠬᠤ ᠨᠢ ᠲᠡᠭᠦᠨ ᠲᠡᠢ ᠲᠣᠬᠢᠷᠠᠯᠴᠠᠭᠰᠠᠨ ᠴᠤᠯᠤ ᠰᠠᠪᠠ ᠳ᠋ᠤ᠌ ᠳᠠᠮ ᠢ᠋ᠶ᠋ᠠᠷ ᠢᠯᠢᠵᠦ ᠨᠤᠬᠤᠯᠠᠬᠤ ᠦᠢᠯᠡᠳᠦᠯ ᠢ᠋ ᠦᠵᠡᠭᠦᠯᠳᠡᠭ ᠪᠠᠢᠨ᠎ᠠ᠃ ᠳᠠᠷᠠᠭᠠᠯᠠᠪᠠᠯ᠂ ᠭᠠᠷ ᠪᠣᠯ ᠪᠦᠬᠦ ᠪᠡᠶ᠎ᠡ ᠶ᠋ᠢᠨ ᠮᠥᠴᠢ ᠶ᠋ᠢᠨ ᠬᠠᠮᠤᠭ ᠤ᠋ᠨ ᠤᠶᠠᠨ ᠬᠠᠳᠠᠨ ᠬᠡᠰᠡᠭ ᠶᠦ᠍ᠮ᠃ ᠭᠠᠷ ᠳᠡᠭᠡᠷᠡᠬᠢ ᠮᠡᠳᠡᠷᠡᠯ ᠨᠢ ᠲᠤᠢᠯ ᠤ᠋ᠨ ᠠᠷᠪᠢᠨ ᠪᠥᠭᠡᠳ ᠣᠨᠴᠠᠭᠠᠢ ᠰᠡᠷᠭᠡᠭ ᠪᠠᠢᠳᠠᠭ᠃ ᠭᠠᠷ ᠨᠢ ᠲᠤᠢᠯ ᠤ᠋ᠨ《 ᠠᠵᠢᠯᠰᠠᠭ》 ᠪᠥᠭᠡᠳ《 ᠨᠠᠷᠢᠯᠢᠭ》 ᠬᠥᠳᠡᠯᠭᠡᠭᠡᠨ ᠲᠡᠢ ᠪᠠᠢᠳᠠᠭ ᠲᠤᠯᠠ᠂ ᠠᠯᠠᠭ᠎ᠠ ᠪᠠᠨ ᠲᠠᠰᠢᠬᠤ ᠨᠢ ᠶᠡᠬᠡ ᠲᠠᠷᠢᠬᠢᠨ ᠤ᠋ ᠢᠴᠡᠭᠡᠯᠡᠭᠰᠡᠨ ᠪᠠᠢᠳᠠᠯ ᠳ᠋ᠤ᠌ ᠪᠠᠢᠭ᠎ᠠ ᠡᠰ ᠦ᠋ᠳ ᠲᠦ᠍ ᠰᠡᠲᠡᠯᠲᠡ ᠥᠭᠴᠦ ᠬᠥᠭᠵᠢᠭᠡᠨ ᠰᠡᠷᠭᠦᠭᠡᠳᠡᠭ᠃ ᠂ ᠡᠢᠮᠦ ᠡᠴᠡ ᠭᠠᠷ ᠤ᠋ᠨ ᠠᠯᠠᠭ᠎ᠠ ᠪᠠᠨ ᠲᠠᠰᠢᠬᠤ ᠨᠢ ᠶᠡᠬᠡ ᠲᠠᠷᠢᠬᠢ ᠶ᠋ᠢ ᠴᠢᠭᠢᠷᠠᠭᠵᠢᠭᠤᠯᠬᠤ ᠦᠢᠯᠡᠳᠦᠯ ᠲᠡᠢ᠃ ᠠᠮᠢᠳᠤᠷᠠᠯ ᠤ᠋ᠨ ᠳᠤᠮᠳᠠ ᠬᠥᠳᠡᠭᠡ ᠲᠣᠰᠬᠣᠨ ᠤ᠋ ᠪᠦᠰᠡᠭᠦᠢᠴᠦᠳ ᠦ᠋ᠨ ᠳᠣᠲᠣᠷ᠎ᠠ ᠥᠨᠳᠥᠷ ᠨᠠᠰᠤᠲᠠᠨ ᠬᠥᠮᠦᠨ ᠣᠯᠠᠨ ᠪᠠᠢᠳᠠᠭ ᠪᠢᠰᠢ ᠤᠤ᠃ ᠡᠨᠡ ᠨᠢ ᠲᠡᠳᠡᠨᠦᠰ ᠦ᠋ᠨ ᠣᠶᠣᠳᠠᠯ ᠣᠶᠣᠬᠤ ᠮᠡᠲᠦ ᠶ᠋ᠢᠨ ᠨᠠᠷᠢᠯᠢᠭ ᠠᠵᠢᠯ ᠢ᠋ ᠦᠷᠭᠦᠯᠵᠢ ᠬᠢᠳᠡᠭ ᠲᠡᠢ ᠨᠢ ᠵᠣᠬᠢᠬᠤ ᠬᠠᠷᠢᠴᠠᠭ᠎ᠠ ᠲᠠᠢ ᠪᠠᠢᠵᠤ ᠮᠡᠳᠡᠨ᠎ᠡ᠃《 ᠪᠡᠶ᠎ᠡ ᠪᠣᠯᠪᠠᠰᠤᠷᠠᠬᠤ ᠪᠥᠮᠪᠥᠭᠡ》 ᠪᠣᠯ ᠡᠨᠡ ᠬᠦ᠌ ᠶᠣᠰᠣ ᠶ᠋ᠢ ᠦᠨᠳᠦᠰᠦᠯᠡᠨ ᠪᠦᠲᠦᠭᠡᠭᠰᠡᠨ ᠪᠡᠶ᠎ᠡ ᠰᠤᠪᠢᠯᠠᠬᠤ ᠬᠡᠷᠡᠭᠰᠡᠯ ᠪᠣᠯᠤᠨ᠎ᠠ᠃ ᠠᠯᠠᠭ᠎ᠠ ᠲᠠᠰᠢᠬᠤ ᠬᠥᠳᠡᠯᠭᠡᠭᠡᠨ ᠢ᠋ ᠬᠢᠬᠦ ᠳ᠋ᠦ᠍ ᠲᠤᠢᠯ ᠤ᠋ᠨ ᠳᠥᠭᠥᠮ ᠪᠠᠢᠳᠠᠭ᠃ ᠭᠠᠷ ᠢ᠋ᠶ᠋ᠠᠨ ᠤᠷᠢᠳᠠ ᠪᠠᠷ ᠬᠠᠯᠠᠭᠤᠨ ᠤᠰᠤᠨ ᠳ᠋ᠤ᠌ ᠪᠤᠶᠤ ᠡᠮᠲᠦ ᠤᠰᠤᠨ ᠳ᠋ᠤ᠌ ᠳᠡᠪᠲᠦᠭᠡᠪᠡᠯ ᠦᠢᠯᠡᠳᠦᠯ ᠨᠢ ᠨᠡᠩ ᠰᠠᠢᠨ᠂ ᠡᠰᠡᠬᠦᠯ᠎ᠡ ᠭᠠᠷ ᠤ᠋ᠨ ᠠᠯᠠᠭ᠎ᠠ ᠪᠠᠨ ᠱᠦᠷᠭᠦᠭᠡᠵᠦ ᠬᠠᠯᠠᠭᠤᠯᠤᠭᠠᠳ᠂ ᠬᠣᠶᠠᠷ ᠠᠯᠠᠭ᠎ᠠ ᠪᠠᠨ ᠳᠠᠭᠤ ᠭᠠᠷᠲᠠᠯ᠎ᠠ ᠬᠦᠴᠦᠲᠡᠢ ᠠᠯᠠᠭᠠᠳᠠᠬᠤ ᠶ᠋ᠢᠨ ᠳᠠᠭᠤ《 ᠤᠬᠠᠮᠰᠠᠷ ᠪᠢᠯᠢᠭ ᠠᠯᠬᠤᠮ ᠨᠢᠭᠡᠲᠡᠢ᠂ ᠥᠪᠴᠢ ᠪᠡᠶ᠎ᠡ ᠰᠤᠳᠠᠰᠤ ᠨᠡᠪᠲᠡᠷᠬᠡᠢ᠂ ᠣᠨᠴᠠ ᠴᠢᠳᠠᠯᠲᠤ ᠠᠬᠤᠢ ᠡᠨᠧᠷᠭᠢ᠂ ᠡᠷᠭᠢᠨ ᠲᠣᠭᠣᠷᠢᠨ ᠨᠡᠢᠳᠡᠮ ᠣᠷᠣᠰᠢᠮᠤᠢ》 ᠭᠡᠵᠦ ᠳᠡᠭᠡᠷ᠎ᠡ ᠳᠠᠭᠤ ᠪᠠᠷ ᠤᠩᠰᠢᠨ᠎ᠠ᠃
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠭᠠᠷᠮ᠎ᠠ᠂ ᠰᠡᠬᠡᠭᠡᠷᠡᠯ
