ᠳᠡᠯᠡᠬᠡᠢ ᠶ᠋ᠢᠨ ᠨᠣᠮ ᠤᠩᠰᠢᠬᠤ ᠡᠳᠦᠷ ᠦ᠋ᠨ ᠢᠷᠡᠯᠲᠡДэлхийн ном унших өдрийн ирэлт ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠡᠬᠡᠢ ᠶ᠋ᠢᠨ ᠨᠣᠮ ᠤᠩᠰᠢᠬᠤ ᠡᠳᠦᠷ ᠦ᠋ᠨ ᠢᠷᠡᠯᠲᠡДэлхийн ном унших өдрийн ирэлт

ᠳᠡᠯᠡᠬᠡᠢ ᠶ᠋ᠢᠨ ᠨᠣᠮ ᠤᠩᠰᠢᠬᠤ ᠡᠳᠦᠷ ᠦ᠋ᠨ ᠢᠷᠡᠯᠲᠡДэлхийн ном унших өдрийн ирэлт

2023-08-18

667

ᠳᠡᠯᠡᠬᠡᠢ ᠶ᠋ᠢᠨ ᠨᠣᠮ ᠤᠩᠰᠢᠬᠤ ᠡᠳᠦᠷ ᠦ᠋ᠨ ᠢᠷᠡᠯᠲᠡ

    ᠵᠢᠯ ᠪᠣᠯᠭᠠᠨ ᠤ᠋4 ᠰᠠᠷ᠎ᠠ ᠶ᠋ᠢᠨ23 ᠤ᠋ ᠡᠳᠦᠷ ᠪᠣᠯ《ᠳᠡᠯᠡᠬᠡᠢ ᠶ᠋ᠢᠨ ᠨᠣᠮ ᠤᠩᠰᠢᠬᠤ ᠡᠳᠦᠷ》᠃ ᠲᠡᠭᠦᠨ ᠦ᠌ ᠪᠦᠲᠦᠨ ᠨᠡᠷᠡᠢᠳᠦᠯ ᠨᠢ《ᠳᠡᠯᠡᠬᠡᠢ ᠶ᠋ᠢᠨ ᠨᠣᠮ ᠰᠤᠳᠤᠷ ᠪᠣᠯᠤᠨ ᠬᠡᠪᠯᠡᠯ ᠦ᠋ᠨ ᠡᠷᠬᠡ ᠶ᠋ᠢᠨ ᠡᠳᠦᠷ》᠃ ᠳᠡᠯᠡᠬᠡᠢ ᠶ᠋ᠢᠨ ᠨᠣᠮ ᠤᠩᠰᠢᠬᠤ ᠡᠳᠦᠷ ᠢ᠋ ᠲᠣᠳᠣᠷᠠᠭᠤᠯᠪᠠᠯ ᠢᠰᠫᠠᠨᠢ ᠶ᠋ᠢᠨ ᠨᠢᠭᠡᠨ ᠳᠣᠮᠣᠭ ᠶᠠᠷᠢᠶ᠎ᠠ ᠲᠠᠢ ᠬᠣᠯᠪᠣᠭ᠎ᠠ ᠲᠠᠢ ᠶᠤᠮ᠃
    ᠡᠷᠲᠡ ᠤᠷᠢᠳᠤ ᠶ᠋ᠢᠨ ᠴᠠᠭ ᠲᠤ᠌ ᠨᠢᠭᠡᠨ ᠦᠵᠡᠰᠬᠦᠯᠡᠩᠲᠦ ᠭᠦᠩᠵᠦ ᠪᠠᠢᠭᠰᠠᠨ ᠭᠡᠨ᠎ᠡ᠃ ᠠᠵᠠ ᠦᠭᠡᠢᠳᠡᠵᠦ ᠨᠢᠭᠡᠨ ᠡᠳᠦᠷ ᠮᠠᠩᠭᠤᠰ ᠲᠤ᠌ ᠪᠠᠷᠢᠭᠳᠠᠵᠤ ᠠᠭᠤᠯᠠᠨ ᠳ᠋ᠤ᠌ ᠬᠣᠷᠢᠭᠳᠠᠭᠰᠠᠨ ᠶᠤᠮ ᠪᠠᠢᠨ᠎ᠠ᠃ ᠨᠤᠲᠤᠭ ᠤ᠋ᠨ ᠪᠠᠭᠠᠲᠤᠷ ᠵᠣᠷᠵᠢ ᠭᠦᠩᠵᠦ ᠶ᠋ᠢ ᠠᠪᠤᠷᠠᠬᠤ ᠪᠠᠷ ᠣᠴᠢᠭᠰᠠᠨ ᠶᠤᠮ ᠭᠡᠨ᠎ᠡ᠃ ᠰᠢᠷᠦᠭᠦᠨ ᠪᠠᠢᠯᠳᠤᠭᠠᠨ ᠰᠢᠢᠳᠪᠦᠷᠢᠲᠦ ᠳᠣᠯᠣᠭᠠᠨ ᠤ᠋ ᠡᠴᠦᠰ ᠲᠦ᠍ ᠵᠣᠷᠵᠢ ᠭᠦᠩᠵᠦ ᠶ᠋ᠢ ᠠᠪᠤᠷᠠᠵᠤ ᠭᠠᠷᠭᠠᠵᠠᠢ᠃ ᠦᠵᠡᠰᠬᠦᠯᠡᠩᠲᠦ ᠭᠦᠩᠵᠦ ᠪᠠᠶᠠᠷᠯᠠᠵᠤ ᠵᠣᠷᠵᠢ ᠳ᠋ᠤ᠌ ᠨᠢᠭᠡᠨ ᠰᠤᠳᠤᠷ ᠪᠡᠯᠡᠭᠯᠡᠪᠡ᠃ ᠲᠡᠷᠡ ᠴᠠᠭ ᠠ᠋ᠴᠠ ᠬᠣᠢᠰᠢ ᠨᠣᠮ ᠰᠤᠳᠤᠷ ᠢ᠋ ᠵᠣᠷᠢᠭ ᠰᠥᠰᠥ ᠪᠣᠯᠤᠨ ᠤᠬᠠᠭᠠᠨ ᠪᠢᠯᠢᠭ ᠦ᠋ᠨ ᠪᠡᠯᠭᠡᠳᠡᠯ ᠪᠣᠯᠭᠠᠭᠰᠠᠨ ᠭᠡᠨ᠎ᠡ᠃ ᠭᠦᠩᠵᠦ ᠶ᠋ᠢ ᠠᠪᠤᠷᠠᠭᠰᠠᠨ ᠲᠡᠷᠡ ᠡᠳᠦᠷ ᠢ᠋ ᠳᠤᠷᠠᠰᠬᠠᠵᠤ ᠬᠥᠮᠦᠰ4 ᠰᠠᠷ᠎ᠠ ᠶ᠋ᠢᠨ23 ᠶ᠋ᠢ 《ᠰᠠᠢᠨ ᠵᠣᠷᠵᠢ ᠶ᠋ᠢᠨ ᠡᠳᠦᠷ》 ᠭᠡᠮᠡᠨ ᠲᠡᠮᠳᠡᠭᠯᠡᠳᠡᠭ ᠪᠣᠯᠵᠤ ᠡᠨᠡ ᠡᠳᠦᠷ ᠲᠦ᠍ ᠲᠣᠬᠢᠶᠠᠬᠤ ᠶ᠋ᠢᠨ ᠲᠤᠷᠰᠢ ᠲᠤᠰ ᠭᠠᠵᠠᠷ ᠤ᠋ᠨ ᠪᠦᠰᠡᠭᠦᠢᠴᠦᠳ ᠨᠢ ᠨᠥᠬᠥᠷ ᠲᠦ᠍ ᠪᠡᠨ ᠨᠣᠮ ᠰᠤᠳᠤᠷ ᠪᠡᠯᠡᠭᠯᠡᠵᠦ᠂ ᠬᠠᠷᠢᠭᠤ ᠳ᠋ᠤ᠌ ᠨᠢ ᠨᠥᠬᠥᠷ ᠨᠢ ᠪᠦᠰᠡᠭᠦᠢ ᠳ᠋ᠦ᠍ ᠪᠡᠨ ᠰᠣᠷᠭᠣᠭ ᠴᠡᠴᠡᠭ ᠪᠡᠯᠡᠭᠯᠡᠳᠡᠭ ᠤᠯᠠᠮᠵᠢᠯᠠᠯ ᠲᠠᠢ ᠪᠣᠯᠵᠠᠢ᠃ ᠬᠣᠵᠢᠮ ᠨᠢ ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠠ᠋ᠴᠠ4 ᠰᠠᠷ᠎ᠠ ᠶ᠋ᠢᠨ23 ᠶ᠋ᠢ《ᠳᠡᠯᠡᠬᠡᠢ ᠶ᠋ᠢᠨ ᠨᠣᠮ ᠤᠩᠰᠢᠬᠤ ᠡᠳᠦᠷ》 ᠭᠡᠮᠡᠨ ᠳᠠᠷᠬᠠᠯᠠᠵᠠᠢ᠃ ᠡᠳᠦᠭᠡ ᠵᠢᠯ ᠪᠣᠯᠭᠠᠨ ᠤ᠋ ᠨᠣᠮ ᠤᠩᠰᠢᠬᠤ ᠡᠳᠦᠷ ᠪᠣᠯᠬᠤ ᠳ᠋ᠤ᠌ ᠳᠡᠯᠡᠬᠡᠢ ᠶ᠋ᠢᠨ ᠵᠠᠭᠤ ᠭᠠᠷᠤᠢ ᠤᠯᠤᠰ ᠣᠷᠣᠨ ᠥᠷᠭᠡᠨ ᠢ᠋ᠶ᠋ᠡᠷ ᠲᠡᠮᠳᠡᠭᠯᠡᠵᠦ ᠂ ᠬᠥᠮᠦᠰ ᠬᠠᠷᠢᠯᠴᠠᠨ ᠨᠣᠮ ᠪᠡᠯᠡᠭᠯᠡᠵᠦ᠂ ᠨᠣᠮ ᠰᠤᠳᠤᠷ ᠢ᠋ ᠬᠦᠨᠳᠦᠯᠡᠨ ᠳᠡᠭᠡᠳᠦᠯᠡᠬᠦ ᠰᠡᠳᠬᠢᠯ ᠢ᠋ᠶ᠋ᠡᠷ ᠢᠯᠡᠷᠬᠡᠢᠯᠡᠳᠡᠭ ᠪᠠᠢᠨ᠎ᠠ᠃

   ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
   ᠦᠰᠦᠭ ᠬᠠᠲᠠᠭᠰᠠᠨ ᠨᠢ ᠄ ᠴᠢ᠊ · ᠤᠷᠠᠨᠴᠡᠴᠡᠭ
   ᠬᠢᠨᠠᠭᠴᠢ ᠪᠠᠭᠰᠢ ᠄ᠠᠯᠲᠠᠨ ᠠᠭᠤᠯᠠ᠂ ᠭᠠᠷᠮ᠎ᠠ᠂ ᠢᠷᠡᠭᠡᠳᠦᠢ ᠨᠠᠷ