ᠠᠯᠲᠠᠨ ᠨᠠᠮᠤᠷ ᠤ᠋ᠨ ᠳᠡᠯᠡᠬᠡᠢ- ᠶᠠᠩᠵᠢᠨᠼᠤᠤАлтан намрын дэлхий
ᠠᠯᠲᠠᠨ ᠨᠠᠮᠤᠷ ᠤ᠋ᠨ ᠳᠡᠯᠡᠬᠡᠢ
ᠦᠭᠡ᠄ ᠰᠡᠴᠡᠨᠬᠦᠦ
ᠠᠶ᠎ᠠ ᠄ ᠪᠠᠲᠤᠵᠢᠷᠭᠠᠯ
ᠶᠠᠩᠵᠢᠨᠼᠤᠤ ᠳᠠᠭᠤᠯᠠᠪᠠ
ᠠᠯᠲᠠᠨ ᠨᠠᠮᠤᠷ ᠤ᠋ᠨ ᠳᠡᠯᠡᠬᠡᠢ ᠮᠢᠨᠢ
ᠤᠢᠳᠬᠤ ᠳ᠋ᠠᠭᠠᠨ ᠪᠢᠰᠢ ᠳᠡ
ᠰᠢᠷᠭᠠᠯᠲᠤᠭᠠᠳ ᠯᠠ ᠪᠠᠢᠨ᠎ᠠ᠂
ᠠᠢ ᠳᠠ ᠬᠥᠭᠡᠷᠦᠬᠦᠢ
ᠠᠪᠤ ᠡᠵᠢ ᠶ᠋ᠢᠨ ᠨᠤᠲᠤᠭ ᠮᠢᠨᠢ
ᠬᠣᠯᠠᠬᠠᠨ ᠳ᠋ᠠᠭᠠᠨ ᠪᠢᠰᠢ ᠳᠡ
ᠰᠠᠨᠠᠭᠳᠠᠭᠠᠳ ᠯᠠ ᠪᠠᠢᠨ᠎ᠠ᠂
ᠠᠢ ᠳᠠ ᠬᠥᠭᠡᠷᠦᠬᠦᠢ
ᠨᠠᠮᠤᠷ ᠤ᠋ᠨ ᠰᠢᠷᠭᠠᠯ ᠨᠠᠪᠴᠢ ᠨᠢ
ᠬᠠᠲᠠᠭᠰᠠᠨ ᠳ᠋ᠠᠭᠠᠨ ᠪᠢᠰᠢ ᠳᠡ
ᠬᠡᠢᠰᠦᠭᠡᠳ ᠯᠡ ᠪᠠᠢᠨ᠎ᠠ᠂
ᠠᠢ ᠳᠠ ᠬᠥᠭᠡᠷᠦᠬᠦᠢ
ᠨᠠᠢᠷᠠᠭ ᠤ᠋ᠨ ᠤᠶᠠᠩᠭᠠᠨ ᠮᠥᠷ ᠦ᠋ᠳ
ᠰᠣᠭᠲᠣᠭᠰᠠᠨ ᠳ᠋ᠠᠭᠠᠨ ᠪᠢᠰᠢ ᠳᠡ
ᠣᠷᠭᠢᠯᠤᠭᠠᠳ ᠯᠠ ᠪᠠᠢᠨ᠎ᠠ᠂
ᠠᠢ ᠳᠠ ᠬᠥᠭᠡᠷᠦᠬᠦᠢ
ᠪᠠᠶᠠᠨ ᠭᠣᠣᠯ ᠤ᠋ᠨ ᠦᠳᠡᠰᠢ ᠨᠢ
ᠨᠠᠮᠤᠭᠤᠬᠠᠨ ᠳ᠋ᠠᠭᠠᠨ ᠪᠢᠰᠢ ᠳᠡ
ᠰᠣᠯᠣᠩᠭᠠᠷᠠᠭᠠᠳ ᠯᠠ ᠪᠠᠢᠨ᠎ᠠ᠂
ᠠᠢ ᠳᠠ ᠬᠥᠭᠡᠷᠦᠬᠦᠢ
ᠪᠠᠭ᠎ᠠ ᠶ᠋ᠢᠨ ᠠᠮᠠᠷᠠᠭ ᠲᠡᠷᠡ ᠮᠢᠨᠢ
ᠨᠠᠭᠠᠯᠢᠩᠬᠠᠢ ᠳ᠋ᠠᠭᠠᠨ ᠪᠢᠰᠢ ᠳᠡ
ᠦᠭᠡᠢᠯᠡᠭᠳᠡᠭᠡᠳ ᠯᠡ ᠪᠠᠢᠨ᠎ᠠ᠂
ᠠᠢ ᠳᠠ ᠬᠥᠭᠡᠷᠦᠬᠦᠢ
ᠦᠭᠡᠢᠯᠡᠭᠳᠡᠭᠡᠳ ᠯᠡ ᠪᠠᠢᠨ᠎ᠠ᠂
ᠠᠢ ᠳᠠ ᠬᠥᠭᠡᠷᠦᠬᠦᠢ
ᠦᠰᠦᠭ ᠠᠮᠢᠯᠠᠭᠤᠯᠤᠭᠰᠠᠨ᠂ ᠬᠠᠲᠠᠭᠰᠠᠨ ᠨᠢ᠄ ᠰᠡᠷᠭᠦᠯᠡᠩ
ᠬᠢᠨᠠᠭᠴᠢ᠄ ᠣᠳᠬᠠᠨᠰᠣ ᠠ᠋
