ᠡᠬᠡ ᠬᠡᠯᠡ ᠮᠢᠨᠢ- ᠤ᠊ · ᠳᠠᠰᠢᠪᠠᠯᠪᠠᠷ-ᠳᠡᠯᠡᠬᠡᠢ ᠶᠢᠨ ᠡᠬᠡ ᠬᠡᠯᠡ ᠶᠢᠨ ᠡᠳᠦᠷ ᠲᠤ ᠵᠣᠷᠢᠭᠤᠯᠪᠠЭх хэл минь-о · дашбалбар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ ᠮᠢᠨᠢ- ᠤ᠊ · ᠳᠠᠰᠢᠪᠠᠯᠪᠠᠷ-ᠳᠡᠯᠡᠬᠡᠢ ᠶᠢᠨ ᠡᠬᠡ ᠬᠡᠯᠡ ᠶᠢᠨ ᠡᠳᠦᠷ ᠲᠤ ᠵᠣᠷᠢᠭᠤᠯᠪᠠЭх хэл минь-о · дашбалбар

ᠡᠬᠡ ᠬᠡᠯᠡ ᠮᠢᠨᠢ- ᠤ᠊ · ᠳᠠᠰᠢᠪᠠᠯᠪᠠᠷ-ᠳᠡᠯᠡᠬᠡᠢ ᠶᠢᠨ ᠡᠬᠡ ᠬᠡᠯᠡ ᠶᠢᠨ ᠡᠳᠦᠷ ᠲᠤ ᠵᠣᠷᠢᠭᠤᠯᠪᠠЭх хэл минь-о · дашбалбар

2024-02-21

1271

ᠡᠬᠡ ᠬᠡᠯᠡ ᠮᠢᠨᠢ

ᠡᠬᠡ ᠬᠡᠯᠡ ᠮᠢᠨᠢ- ᠤ᠊ · ᠳᠠᠰᠢᠪᠠᠯᠪᠠᠷ
   ᠤ᠊ · ᠳᠠᠰᠢᠪᠠᠯᠪᠠᠷ 
ᠮᠢᠨᠦ ᠬᠠᠮᠤᠭ ᠤ᠋ᠨ ᠦᠨᠡᠨᠴᠢ 
ᠨᠠᠳᠠ ᠠ᠋ᠴᠠ ᠬᠡᠵᠢᠶ᠎ᠡ ᠴᠦ᠍ ᠦᠯᠦ ᠤᠷᠪᠠᠭᠴᠢ 
ᠴᠣᠷ ᠤ᠋ᠨ ᠭᠠᠭᠴᠠ ᠨᠥᠬᠥᠷ ᠮᠢᠨᠢ— ᠡᠬᠡ ᠬᠡᠯᠡ 
ᠮᠢᠨᠦ ᠵᠡᠪᠰᠡᠭ ᠪᠣᠯᠵᠤ᠂ ᠲᠡᠢᠨ ᠦ᠌ ᠥᠭᠡᠳᠡ ᠡᠴᠡ ᠵᠣᠷᠢᠭᠲᠠᠢ ᠪᠣᠰᠳᠠᠭ ᠢᠯᠳᠦ ᠮᠢᠨᠢ— ᠡᠬᠡ ᠬᠡᠯᠡ 
ᠮᠢᠨᠦ ᠦᠷ᠎ᠡ ᠤᠳᠤᠮ ᠳ᠋ᠤ᠌ ᠪᠠᠨ ᠦᠯᠡᠳᠡᠭᠡᠬᠦ ᠭᠡᠷᠢᠶᠡᠰᠦ᠂ ᠥᠪ— ᠡᠬᠡ ᠬᠡᠯᠡ 
ᠮᠢᠨᠦ ᠠᠮᠢᠳᠤ ᠶᠠᠪᠤᠭ᠎ᠠ ᠶ᠋ᠢᠨ ᠪᠠᠬᠠᠷᠬᠠᠯ᠂ ᠵᠢᠪᠬᠤᠯᠠᠩᠲᠤ ᠠᠶᠠᠯᠭᠤ— ᠡᠬᠡ ᠬᠡᠯᠡ 
ᠮᠢᠨᠦ ᠮᠥᠩᠬᠡ ᠶ᠋ᠢᠨ ᠤᠰᠤ᠂ ᠬᠠᠢᠷ᠎ᠠ ᠶ᠋ᠢᠨ ᠠᠶᠠᠯᠭᠤ— ᠡᠬᠡ ᠬᠡᠯᠡ 
ᠮᠢᠨᠦ ᠵᠢᠷᠦᠬᠡᠨ ᠡᠴᠡ ᠲᠥᠷᠥᠵᠦ᠂ ᠮᠢᠨᠦ ᠬᠠᠷᠠᠴᠠᠨ ᠠ᠋ᠴᠠ ᠭᠡᠷᠡᠯᠲᠦᠭᠴᠢ— ᠡᠬᠡ ᠬᠡᠯᠡ
ᠮᠢᠨᠦ ᠷᠠᠪᠵᠠᠢ᠂ ᠮᠢᠨᠦ ᠨᠠᠴᠤᠭᠳᠣᠷᠵᠢ ᠶ᠋ᠢᠨ ᠨᠠᠳᠠᠳᠤ ᠨᠠᠢᠳᠠᠭᠰᠠᠨ ᠡᠬᠡ ᠬᠡᠯᠡ
ᠨᠢᠰᠴᠦ ᠶᠠᠪᠤᠭ᠎ᠠ ᠪᠦᠷᠭᠦᠳ ᠦ᠋ᠨ ᠳᠠᠯᠠᠪᠴᠢᠨ ᠤ᠋ ᠴᠢᠮᠡᠭᠡ ᠲᠡᠢ
ᠮᠢᠨᠦ ᠡᠵᠢ ᠶ᠋ᠢᠨ᠂ ᠮᠢᠨᠦ ᠠᠪᠤ ᠶ᠋ᠢᠨ᠂ ᠮᠢᠨᠦ ᠡᠪᠦᠭᠡᠳ ᠦ᠋ᠨ ᠡᠬᠡ ᠬᠡᠯᠡ
ᠨᠤᠷᠠᠵᠤ ᠪᠠᠢᠭ᠎ᠠ ᠶᠡᠬᠡ ᠴᠠᠰᠤᠨ ᠤ᠋ ᠴᠢᠮᠡᠭᠡ ᠲᠡᠢ
ᠮᠢᠨᠦ ᠬᠡᠯᠡ᠂ ᠮᠢᠨᠦ ᠥᠬᠢᠨ ᠦ᠌ ᠡᠬᠡ ᠬᠡᠯᠡ᠂ ᠮᠢᠨᠦ ᠮᠣᠩᠭᠣᠯ ᠬᠡᠯᠡ
ᠤᠷᠭᠤᠵᠤ ᠪᠠᠢᠭ᠎ᠠ ᠡᠪᠡᠰᠦᠨ ᠦ᠌ ᠰᠢᠪᠡᠨᠡᠭᠡ ᠲᠡᠢ
ᠮᠢᠨᠦ ᠬᠡᠯᠡ᠂ ᠮᠢᠨᠦ ᠬᠦᠦ ᠶ᠋ᠢᠨ ᠡᠬᠡ ᠬᠡᠯᠡ᠂ ᠮᠢᠨᠦ ᠮᠣᠩᠭᠣᠯ ᠬᠡᠯᠡ
ᠣᠷᠣᠵᠤ ᠪᠠᠢᠭ᠎ᠠ ᠪᠣᠷᠣᠭᠠᠨ ᠤ᠋ ᠰᠢᠪᠡᠨᠡᠭᠡ ᠲᠡᠢ