ᠡᠷᠬᠢᠮ ᠳᠡᠭᠡᠳᠦ ᠯᠠᠮᠠЭрхэм дээд лам-ᠣᠷᠳᠣᠰ ᠠᠷᠠᠳ ᠤᠨ ᠳᠠᠭᠤᠤ29 ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠬᠢᠮ ᠳᠡᠭᠡᠳᠦ ᠯᠠᠮᠠЭрхэм дээд лам-ᠣᠷᠳᠣᠰ ᠠᠷᠠᠳ ᠤᠨ ᠳᠠᠭᠤᠤ29

ᠡᠷᠬᠢᠮ ᠳᠡᠭᠡᠳᠦ ᠯᠠᠮᠠЭрхэм дээд лам-ᠣᠷᠳᠣᠰ ᠠᠷᠠᠳ ᠤᠨ ᠳᠠᠭᠤᠤ29

2023-08-17

298

ᠡᠷᠬᠢᠮ ᠳᠡᠭᠡᠳᠦ ᠯᠠᠮᠠ

   ᠣᠷᠳᠣᠰ ᠠᠷᠠᠳ ᠤᠨ ᠳᠠᠭᠤᠤ 
ᠡᠷᠬᠢᠮ ᠳᠡᠭᠡᠳᠦ ᠯᠠᠮᠠ ᠶ᠋ᠢ ᠪᠡᠨ 
ᠡᠨᠳᠡᠯ ᠦᠭᠡᠢ ᠰᠢᠲᠦᠶ᠎ᠡ ᠳ᠋ᠣᠣ 
ᠡᠨᠡᠬᠡᠨ ᠪᠠᠭ᠎ᠠ ᠶ᠋ᠢᠨ ᠨᠠᠰᠤᠨ ᠳ᠋ᠠᠭᠠᠨ 
ᠡᠷᠳᠡᠮ ᠨᠣᠮ ᠰᠤᠷᠤᠯᠲᠠᠢ 

ᠡᠵᠡᠨ ᠬᠠᠭᠠᠨ ᠤ᠋ ᠪᠠᠢᠭᠤᠯᠤᠭᠰᠠᠨ 
ᠤᠲᠠᠢ ᠶ᠋ᠢᠨ ᠲᠠᠪᠤᠨ ᠣᠷᠳᠣᠨ ᠪᠠᠢᠨ᠎ᠠ 
ᠡᠨᠳᠡ ᠲᠡᠨᠳᠡ ᠡᠴᠡ ᠬᠠᠷᠠᠬᠤ ᠳ᠋ᠤ᠌ 
ᠠᠯᠲᠠᠨ ᠰᠢᠷᠭᠠᠯ ᠭᠠᠨᠵᠢᠷ᠎ᠠ ᠲᠠᠢ 

ᠰᠤᠭᠤ ᠰᠤᠭᠤ ᠶ᠋ᠢᠨ ᠳᠠᠪᠠᠭ᠎ᠠ ᠶ᠋ᠢ 
ᠱᠠᠲᠤᠴᠢᠯᠠᠨ ᠳᠠᠪᠠᠶ᠎ᠠ ᠳ᠋ᠣᠣ 
ᠱᠣᠭ ᠴᠤ᠌ ᠨᠠᠭᠠᠳᠤᠮ ᠢ᠋ᠶ᠋ᠠᠨ ᠤᠷᠭᠢᠮᠠᠨ 
ᠮᠠᠨᠽᠤᠰᠢᠷᠢ ᠳ᠋ᠤ᠌ ᠮᠥᠷᠭᠥᠶ᠎ᠡ ᠳ᠋ᠣᠣ 

ᠬᠤᠸᠠ ᠯᠢᠩ ᠦ᠋ᠨ ᠳᠠᠪᠠᠭ᠎ᠠ ᠶ᠋ᠢ
ᠬᠤᠸᠠᠴᠢᠯᠠᠨ ᠳᠠᠪᠠᠶ᠎ᠠ ᠳ᠋ᠣᠣ
ᠬᠤᠸᠠᠷ ᠶᠣ᠌ ᠨᠠᠭᠠᠳᠤᠮ ᠢ᠋ᠶ᠋ᠠᠨ ᠣᠷᠬᠢᠮᠠᠨ
ᠮᠠᠨᠽᠤᠰᠢᠷᠢ ᠳ᠋ᠤ᠌ ᠮᠥᠷᠭᠥᠶ᠎ᠡ ᠳ᠋ᠣᠣ

ᠵᠠᠭᠤ ᠨᠠᠢ᠍ᠮᠠᠨ ᠱᠠᠲᠤ ᠶ᠋ᠢ ᠪᠡᠨ
ᠱᠠᠲᠤᠴᠢᠯᠠᠨ ᠳᠠᠪᠠᠶ᠎ᠠ ᠳ᠋ᠣᠣ
ᠵᠣᠣ ᠪᠣᠭᠳᠠ ᠶ᠋ᠢᠨ ᠭᠡᠭᠡᠨ ᠳ᠋ᠦ᠍ ᠪᠡᠨ
ᠵᠣᠷᠢᠭᠯᠠᠨ ᠬᠦᠷᠴᠦ ᠮᠥᠷᠭᠥᠶ᠎ᠡ ᠳ᠋ᠣᠣ

ᠵᠢᠭᠦᠷᠲᠦ ᠰᠠᠢᠬᠠᠨ ᠬᠦᠯᠦᠭ ᠢ᠋ ᠪᠡᠨ
ᠵᠢᠳᠬᠦᠭᠦᠯᠦᠭᠡᠳ ᠢᠷᠡᠳᠡᠭ ᠳ᠋ᠣᠣ
ᠵᠢᠷᠦᠬᠡᠨ ᠦ᠌ ᠪᠡᠨ ᠴᠠᠭᠠᠨ ᠢ᠋
ᠬᠥᠮᠦᠨ ᠦ᠌ ᠪᠣᠯᠤᠭᠰᠠᠭᠠᠷ ᠢᠷᠡᠭᠰᠡᠨ ᠶᠦ᠍ᠮ

ᠨᠣᠭᠣᠭᠠᠨ ᠲᠠᠯ᠎ᠠ ᠶ᠋ᠢᠨ ᠡᠬᠢᠨ ᠳ᠋ᠦ᠍
ᠨᠣᠶᠠᠨ ᠤ᠋ ᠰᠢᠷᠡᠭᠡ ᠶ᠋ᠢ ᠲᠠᠯᠪᠢᠮᠠᠨᠵᠢᠨ
ᠨᠣᠶᠠᠳ ᠲᠠ ᠨᠠᠷ ᠰᠠᠭᠠᠳᠠᠮᠠᠨᠵᠢᠨ
ᠨᠣᠮ ᠤ᠋ᠨ ᠦᠰᠦᠭ ᠦ᠋ᠨ ᠰᠤᠷᠭᠠᠯ ᠲᠠᠢ

ᠭᠡᠷ  ᠶᠦ᠍ᠭᠡᠨ ᠲᠦᠰᠢᠵᠦ
ᠭᠢᠩᠭᠢᠨᠡᠭᠦᠯᠵᠦ ᠰᠠᠭᠤᠳᠠᠭ ᠳ᠋ᠣᠣ
ᠭᠡᠨᠡᠳᠲᠡ ᠮᠠᠨ ᠢ᠋ ᠪᠡᠨ ᠪᠣᠳᠣᠬᠤ ᠳ᠋ᠤ᠌
ᠮᠡᠯᠮᠡᠷᠡᠭᠦᠯᠵᠦ ᠰᠠᠭᠤᠳᠠᠭ ᠳ᠋ᠣᠣ

ᠬᠠᠨ᠎ᠠ ᠶᠤᠭᠠᠨ ᠲᠦᠰᠢᠵᠦ
ᠬᠠᠩᠭᠢᠨᠠᠭᠤᠯᠵᠤ ᠰᠠᠭᠤᠳᠠᠭ ᠳ᠋ᠣᠣ
ᠬᠠᠷᠢᠨ ᠮᠠᠨ ᠢ᠋ ᠪᠡᠨ ᠪᠣᠳᠣᠬᠤ ᠳ᠋ᠤ᠌
ᠮᠡᠯᠮᠡᠷᠡᠭᠦᠯᠵᠦ ᠰᠠᠭᠤᠳᠠᠭ ᠳ᠋ᠣᠣ