ᠦᠨᠡᠨ ᠦᠭᠡ- ᠭᠠᠩᠲᠤᠯᠭ᠎ᠠҮнэн үг-гантлого
ᠦᠨᠡᠨ ᠦᠭᠡ
ᠴᠠᠭ ᠦᠭᠡᠢ ᠠᠮᠢᠳᠤᠷᠠᠯ
(ᠤᠷᠠᠨ ᠰᠠᠢᠬᠠᠨ ᠤ᠋ ᠺᠢᠨᠣ᠋ ᠶᠢᠨ ᠳᠠᠭᠤᠤ)
ᠳᠠᠭᠤᠴᠢᠨ᠄ ᠭᠠᠩᠲᠤᠯᠭ᠎ᠠ
ᠠᠶ᠎ᠠ᠄ ᠭᠠᠩᠲᠤᠯᠭ᠎ᠠ
ᠦᠭᠡ᠄ ᠳ· ᠭᠠᠩᠪᠣᠯᠣᠳ
ᠰᠠᠯᠬᠢ ᠴᠢᠮ᠎ᠠ ᠶ᠋ᠢ ᠲᠠᠭᠠᠷᠠᠭᠤᠯᠵᠤ ᠪᠠᠢᠪᠠᠯ
ᠨᠥᠮᠥᠷᠢ ᠴᠢᠨᠢ ᠪᠣᠯᠤᠶ᠎ᠠ ᠪᠢ
ᠦᠷᠦ ᠵᠢᠷᠦᠬᠡ ᠪᠡᠷ ᠢ᠋ᠶ᠋ᠡᠨ
ᠰᠠᠷ᠎ᠠ ᠴᠢᠮ᠎ᠠ ᠶ᠋ᠢ ᠤᠢᠳᠬᠠᠷᠯᠠᠭᠤᠯᠵᠤ ᠪᠠᠢᠪᠠᠯ
ᠰᠡᠷᠭᠦᠭᠡᠵᠦ ᠥᠭᠬᠦᠶ᠎ᠡ ᠪᠢ ᠬᠥᠭ ᠢ᠋ᠶ᠋ᠡᠷ ᠢ᠋ᠶ᠋ᠡᠨ
ᠵᠣᠪᠠᠯᠠᠩ ᠴᠢᠮ᠎ᠠ ᠶ᠋ᠢ ᠡᠮᠡᠷᠡᠭᠡᠳ ᠪᠠᠢᠪᠠᠯ
ᠬᠠᠯᠬᠠᠯᠠᠵᠤ ᠥᠭᠬᠦᠶ᠎ᠡ ᠢᠲᠡᠭᠡᠯ ᠢ᠋ᠶ᠋ᠡᠷ ᠢ᠋ᠶ᠋ᠡᠨ
ᠵᠢᠷᠭᠠᠯ ᠴᠢᠮ᠎ᠠ ᠶ᠋ᠢ ᠭᠡᠵᠢᠭᠡᠳᠡᠭᠡᠳ ᠪᠠᠢᠪᠠᠯ
ᠳᠡᠪᠡᠷᠡᠭᠡᠵᠦ ᠥᠭᠬᠦᠶ᠎ᠡ ᠰᠡᠳᠬᠢᠯ ᠢ᠋ᠶ᠋ᠡᠷ ᠢ᠋ᠶ᠋ᠡᠨ
ᠢᠲᠡᠭᠡᠯ ᠴᠢᠨᠢ ᠰᠢᠷᠭᠢᠬᠦ ᠭᠡᠳ ᠪᠠᠢᠪᠠᠯ
ᠦᠶᠡᠷᠯᠡᠭᠦᠯᠵᠦ ᠥᠭᠬᠦᠶ᠎ᠡ ᠪᠢ
ᠦᠨᠡᠨ ᠦᠭᠡ ᠪᠡᠷ ᠢ᠋ᠶ᠋ᠡᠨ
ᠢᠷᠡᠬᠦ ᠯᠡ ᠲᠠᠪᠢᠯᠠᠩ ᠳ᠋ᠤ᠌ ᠪᠠᠨ ᠡᠷᠡᠭᠡᠯᠵᠡᠭᠡᠳ ᠪᠠᠢᠪᠠᠯ
ᠭᠠᠵᠠᠷᠴᠢᠯᠠᠭᠠᠳ ᠦᠭᠬᠦᠶ᠎ᠡ ᠬᠠᠢᠷ᠎ᠠ ᠪᠠᠷ ᠢ᠋ᠶ᠋ᠠᠨ
ᠠᠭᠤᠯᠠ ᠴᠢᠮ᠎ᠠ ᠶ᠋ᠢ ᠳᠠᠷᠤᠯᠠᠭᠠᠳ ᠪᠠᠢᠪᠠᠯ
ᠳᠠᠯᠠᠢ ᠪᠣᠯᠤᠨ ᠵᠢᠪᠦᠭᠦᠯᠦᠶᠡ
ᠡᠭᠦᠯᠡ ᠴᠢᠮ᠎ᠠ ᠶ᠋ᠢ ᠰᠡᠭᠦᠳᠡᠷᠯᠡᠭᠡᠳ ᠪᠠᠢᠪᠠᠯ
ᠭᠡᠷᠡᠯ ᠪᠣᠯᠤᠨ ᠭᠡᠢᠭᠦᠯᠦᠶ᠎ᠡ
ᠨᠢᠳᠦᠨ ᠦ᠌ ᠴᠢᠨᠢ ᠨᠢᠯᠪᠤᠰᠤ ᠲᠣᠰᠣᠯᠠᠭᠠᠳ ᠪᠠᠢᠪᠠᠯ
ᠠᠷᠴᠢᠭᠠᠳ ᠦᠨᠦᠰᠦᠶ᠎ᠡ ᠳᠡᠷᠭᠡᠳᠡ ᠴᠢᠨᠢ
ᠨᠢᠭᠦᠯ ᠦᠭᠡᠢ ᠬᠠᠢᠷ᠎ᠠ᠂ ᠬᠠᠢᠷ᠎ᠠ
ᠨᠠᠰᠤᠨ ᠲᠤᠷᠰᠢᠲᠠ ᠪᠠᠨ ᠬᠠᠮᠲᠤ ᠮᠠᠨᠳᠤᠭᠤᠯᠵᠤ ᠶᠠᠪᠤᠶ᠎ᠠ ᠴᠢᠮ᠎ᠠ ᠲᠠᠢ ᠪᠠᠨ
ᠨᠢᠳᠦᠨ ᠦ᠌ ᠴᠢᠨᠢ ᠨᠢᠯᠪᠤᠰᠤ ᠲᠣᠰᠣᠯᠠᠭᠠᠳ ᠪᠠᠢᠪᠠᠯ
ᠠᠷᠴᠢᠭᠠᠳ ᠦᠨᠦᠰᠦᠶ᠎ᠡ ᠳᠡᠷᠭᠡᠳᠡ ᠴᠢᠨᠢ
ᠨᠢᠭᠦᠯ ᠦᠭᠡᠢ ᠬᠠᠢᠷ᠎ᠠ ᠪᠠᠨ
ᠨᠠᠰᠤᠨ ᠲᠤᠷᠰᠢᠳᠠ ᠪᠠᠨ ᠬᠠᠮᠲᠤ
ᠮᠠᠨᠳᠤᠭᠤᠯᠵᠤ ᠶᠠᠪᠤᠶ᠎ᠠ ᠴᠢᠮ᠎ᠠ ᠲᠠᠢ ᠪᠠᠨ ᠡᠭᠦᠷᠢᠳᠡ ᠴᠢᠮ᠎ᠠ ᠲᠠᠢ ᠪᠠᠨ
ᠦᠰᠦᠭ ᠠᠮᠢᠯᠠᠭᠤᠯᠤᠭᠴᠢ᠄ ᠡᠷᠳᠡᠨᠢᠪᠢᠯᠢᠭ
ᠦᠰᠦᠭ ᠬᠠᠳᠠᠭᠴᠢ᠄ ᠡᠷᠳᠡᠨᠢᠪᠢᠯᠢᠭ
ᠬᠢᠨᠠᠭᠴᠢ᠄ ᠶ᠋ᠢᠨ ᠬᠠᠢ᠂ ᠪᠦᠷᠢᠨᠵᠢᠷᠭᠠᠯ᠂ ᠣᠳᠬᠣᠩᠬᠤᠸᠠᠷ
ᠵᠥᠪ ᠪᠢᠴᠢᠯᠭᠡ ᠶ᠋ᠢᠨ( ᠠᠷᠪᠠᠨ ᠳᠣᠯᠣᠳᠤᠭᠠᠷ) ᠬᠣᠯᠪᠣᠭ᠎ᠠ᠃
