ᠮᠢᠨᠦ ᠨᠤᠲᠤᠭ- ᠨᠣ᠂ ᠪᠠᠭᠠᠨ᠎ᠠМиний нутаг-но, багана
ᠮᠢᠨᠦ ᠨᠤᠲᠤᠭ
ᠦᠭᠡ᠄ ᠨᠣ᠋᠂ ᠪᠠᠭᠠᠨ᠎ᠠ
ᠠᠶ᠎ᠠ᠄ ᠨᠣ᠂ ᠪᠠᠭᠠᠨ᠎ᠠ
ᠨᠣ᠂ ᠪᠠᠭᠠᠨ᠎ᠠ ᠳᠠᠭᠤᠯᠠᠨ᠎ᠠ
ᠮᠠᠩᠬ᠎ᠠ ᠪᠠᠯᠠᠷ ᠪᠤᠷᠭᠠᠰᠤᠨ ᠳᠥᠭᠥᠮ
ᠮᠠᠯ ᠤ᠋ᠨ ᠪᠡᠯᠴᠢᠭᠡᠷ ᠳᠡᠷᠡᠰᠦᠨ ᠴᠠᠢᠳᠠᠮ
ᠭᠣᠣᠯ ᠤ᠋ᠨ ᠲᠣᠬᠣᠢ ᠡᠷᠬᠡᠨ ᠰᠤᠵᠠᠭ᠎ᠠ
ᠭᠦᠳᠦᠩ ᠳᠠᠯᠠᠩ ᠡᠯᠡᠰᠦ ᠮᠠᠩᠬ᠎ᠠ
ᠰᠢᠯᠢ ᠶ᠋ᠢᠨ ᠣᠷᠣᠢ ᠵᠦᠯᠭᠡᠲᠦ ᠲᠠᠯ᠎ᠠ
ᠶᠠᠰᠢᠯ ᠰᠢᠪᠡᠭ ᠠᠷᠴᠠᠨ ᠪᠠᠯᠠᠷ
ᠰᠦᠯᠳᠡ ᠶ᠋ᠢᠨ ᠣᠪᠣᠭ᠎ᠠ ᠰᠦᠮ᠎ᠡ ᠬᠡᠢᠳ
ᠰᠦᠷᠯᠢᠭ ᠶᠡᠬᠡ ᠣᠩᠭᠣᠨ ᠬᠠᠢᠯᠠᠰᠤ
ᠠᠢ ᠬᠥ ᠂ ᠠᠢ ᠬᠥ
ᠡᠨᠡ ᠪᠣᠯ ᠮᠢᠨᠦ ᠤᠨᠠᠭᠰᠠᠨ ᠰᠢᠷᠣᠢ
ᠡᠵᠢ ᠶ᠋ᠢᠨ ᠨᠤᠲᠤᠭ ᠰᠠᠢᠬᠠᠨ ᠭᠠᠵᠠᠷ
ᠡᠨᠡ ᠪᠣᠯ ᠮᠢᠨᠦ ᠲᠥᠷᠥᠭᠰᠡᠨ ᠥᠯᠥᠭᠡᠢ
ᠠᠪᠤ ᠶ᠋ᠢᠨ ᠨᠤᠲᠤᠭ ᠠᠰᠢᠳᠠ ᠶ᠋ᠢᠨ ᠣᠷᠣᠨ
ᠠᠭᠤᠯᠠ ᠶ᠋ᠢᠨ ᠳᠠᠪᠠᠭ᠎ᠠ ᠰᠢᠷᠠᠯᠵᠢ ᠶ᠋ᠢᠨ ᠳᠡᠪᠰᠡᠩ
ᠲᠤᠭᠤᠯ ᠤ᠋ᠨ ᠪᠡᠯᠴᠢᠭᠡᠷ ᠱᠠᠩᠳᠠ ᠬᠣᠭᠣᠯᠠᠢ
ᠨᠠᠭᠤᠷ ᠤ᠋ᠨ ᠤᠰᠤ ᠨᠤᠭᠤᠰᠤᠲᠤ ᠵᠠᠳᠠᠭᠠᠢ
ᠨᠤᠭᠤᠷᠠᠨ ᠬᠠᠷᠠᠭᠳᠠᠬᠤ ᠭᠣᠣᠯ ᠭᠣᠷᠣᠬ᠎ᠠ
ᠮᠠᠩᠨᠤᠭ ᠲᠠᠯ᠎ᠠ ᠷᠠᠰᠢᠶᠠᠨ ᠪᠤᠯᠠᠭ
ᠮᠠᠯ ᠰᠦᠷᠦᠭ ᠮᠣᠩᠭᠣᠯ ᠠᠮᠢᠳᠤᠷᠠᠯ
ᠲᠡᠦᠬᠡ ᠳᠣᠮᠣᠭ ᠲᠦᠮᠡᠨ ᠠᠮᠢᠲᠠᠨ
ᠲᠡᠭᠦᠯᠳᠡᠷ ᠶᠡᠬᠡ ᠲᠠᠬᠢᠯᠭ᠎ᠠ ᠳᠠᠭᠠᠳᠬᠠᠯ ᠲᠠᠢ
ᠠᠢ ᠬᠥ ᠂ ᠠᠢ ᠬᠥ
ᠡᠨᠡ ᠪᠣᠯ ᠮᠢᠨᠦ ᠤᠨᠠᠭᠰᠠᠨ ᠰᠢᠷᠣᠢ
ᠡᠵᠢ ᠶ᠋ᠢᠨ ᠨᠤᠲᠤᠭ ᠰᠠᠢᠬᠠᠨ ᠭᠠᠵᠠᠷ
ᠡᠨᠡ ᠪᠣᠯ ᠮᠢᠨᠦ ᠲᠥᠷᠥᠭᠰᠡᠨ ᠥᠯᠥᠭᠡᠢ
ᠠᠪᠤ ᠶ᠋ᠢᠨ ᠨᠤᠲᠤᠭ ᠠᠰᠢᠳᠠ ᠶ᠋ᠢᠨ ᠣᠷᠣᠨ
ᠮᠠᠩᠬ᠎ᠠ ᠪᠠᠯᠠᠷ ᠪᠤᠷᠭᠠᠰᠤᠨ ᠳᠥᠭᠥᠮ
ᠮᠠᠯ ᠤ᠋ᠨ ᠪᠡᠯᠴᠢᠭᠡᠷ ᠳᠡᠷᠡᠰᠦᠨ ᠴᠠᠢᠳᠠᠮ
ᠭᠣᠣᠯ ᠤ᠋ᠨ ᠲᠣᠬᠣᠢ ᠡᠷᠬᠡᠨ ᠰᠤᠵᠠᠭ᠎ᠠ
ᠭᠦᠳᠦᠩ ᠳᠠᠯᠠᠩ ᠡᠯᠡᠰᠦ ᠮᠠᠩᠬ᠎ᠠ
ᠰᠢᠯᠢ ᠶ᠋ᠢᠨ ᠣᠷᠣᠢ ᠵᠦᠯᠭᠡᠲᠦ ᠲᠠᠯ᠎ᠠ
ᠶᠠᠰᠢᠯ ᠰᠢᠪᠡᠭ ᠠᠷᠴᠠᠨ ᠪᠠᠯᠠᠷ
ᠰᠦᠯᠳᠡ ᠶ᠋ᠢᠨ ᠣᠪᠣᠭ᠎ᠠ ᠰᠦᠮ᠎ᠡ ᠬᠡᠢᠳ
ᠰᠦᠷᠯᠢᠭ ᠶᠡᠬᠡ ᠣᠩᠭᠣᠨ ᠬᠠᠢᠯᠠᠰᠤ
ᠠᠢ ᠬᠥ ᠂ ᠠᠢ ᠬᠥ
ᠡᠨᠡ ᠪᠣᠯ ᠮᠢᠨᠦ ᠤᠨᠠᠭᠰᠠᠨ ᠰᠢᠷᠣᠢ
ᠡᠵᠢ ᠶ᠋ᠢᠨ ᠨᠤᠲᠤᠭ ᠰᠠᠢᠬᠠᠨ ᠭᠠᠵᠠᠷ
ᠡᠨᠡ ᠪᠣᠯ ᠮᠢᠨᠦ ᠲᠥᠷᠥᠭᠰᠡᠨ ᠥᠯᠥᠭᠡᠢ
ᠠᠪᠤ ᠶ᠋ᠢᠨ ᠨᠤᠲᠤᠭ ᠠᠰᠢᠳᠠ ᠶ᠋ᠢᠨ ᠣᠷᠣᠨ
ᠠᠭᠤᠯᠠ ᠶ᠋ᠢᠨ ᠳᠠᠪᠠᠭ᠎ᠠ ᠰᠢᠷᠠᠯᠵᠢ ᠶ᠋ᠢᠨ ᠳᠡᠪᠰᠡᠩ
ᠲᠤᠭᠤᠯ ᠤ᠋ᠨ ᠪᠡᠯᠴᠢᠭᠡᠷ ᠱᠠᠩᠳᠠ ᠬᠣᠭᠣᠯᠠᠢ
ᠨᠠᠭᠤᠷ ᠤ᠋ᠨ ᠤᠰᠤ ᠨᠤᠭᠤᠰᠤᠲᠤ ᠵᠠᠳᠠᠭᠠᠢ
ᠨᠤᠭᠤᠷᠠᠨ ᠬᠠᠷᠠᠭᠳᠠᠬᠤ ᠭᠣᠣᠯ ᠭᠣᠷᠣᠬ᠎ᠠ
ᠮᠠᠩᠨᠤᠭ ᠲᠠᠯ᠎ᠠ ᠷᠠᠰᠢᠶᠠᠨ ᠪᠤᠯᠠᠭ
ᠮᠠᠯ ᠰᠦᠷᠦᠭ ᠮᠣᠩᠭᠣᠯ ᠠᠮᠢᠳᠤᠷᠠᠯ
ᠲᠡᠦᠬᠡ ᠳᠣᠮᠣᠭ ᠲᠦᠮᠡᠨ ᠠᠮᠢᠲᠠᠨ
ᠲᠡᠭᠦᠯᠳᠡᠷ ᠶᠡᠬᠡ ᠲᠠᠬᠢᠯᠭ᠎ᠠ ᠳᠠᠭᠠᠳᠬᠠᠯ ᠲᠠᠢ
ᠠᠢ ᠬᠥ ᠂ ᠠᠢ ᠬᠥ
ᠡᠨᠡ ᠪᠣᠯ ᠮᠢᠨᠦ ᠤᠨᠠᠭᠰᠠᠨ ᠰᠢᠷᠣᠢ
ᠡᠵᠢ ᠶ᠋ᠢᠨ ᠨᠤᠲᠤᠭ ᠰᠠᠢᠬᠠᠨ ᠭᠠᠵᠠᠷ
ᠡᠨᠡ ᠪᠣᠯ ᠮᠢᠨᠦ ᠲᠥᠷᠥᠭᠰᠡᠨ ᠥᠯᠥᠭᠡᠢ
ᠠᠪᠤ ᠶ᠋ᠢᠨ ᠨᠤᠲᠤᠭ ᠠᠰᠢᠳᠠ ᠶ᠋ᠢᠨ ᠣᠷᠣᠨ
ᠦᠰᠦᠭ ᠠᠮᠢᠯᠠᠭᠤᠯᠤᠭᠴᠢ᠄ ᠣᠳᠬᠣᠨᠴᠡᠴᠡᠭ
ᠦᠰᠦᠭ ᠬᠠᠲᠠᠭᠴᠢ᠄ ᠣᠳᠬᠣᠨᠴᠡᠴᠡᠭ
ᠬᠢᠨᠠᠭᠴᠢ ᠪᠠᠭᠰᠢ᠄ ᠢᠷᠡᠭᠡᠳᠦᠢ
