ᠵᠥᠪ ᠪᠢᠴᠢᠯᠭᠡ ᠶ᠋ᠢᠨ ᠮᠡᠲᠡᠯᠭᠡ  - ᠬᠣᠶᠠᠷ ( ᠬᠡᠯᠡ ᠪᠢᠴᠢᠭ – ᠳᠣᠯᠣᠳᠤᠭᠠᠷ ᠳᠡᠪᠲᠡᠷ)Зөв бичлэгийн мэдлэг-хоёр( Хэл бичиг – Долдугар дэвтэр) ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠥᠪ ᠪᠢᠴᠢᠯᠭᠡ ᠶ᠋ᠢᠨ ᠮᠡᠲᠡᠯᠭᠡ  - ᠬᠣᠶᠠᠷ ( ᠬᠡᠯᠡ ᠪᠢᠴᠢᠭ – ᠳᠣᠯᠣᠳᠤᠭᠠᠷ ᠳᠡᠪᠲᠡᠷ)Зөв бичлэгийн мэдлэг-хоёр( Хэл бичиг – Долдугар дэвтэр)

ᠵᠥᠪ ᠪᠢᠴᠢᠯᠭᠡ ᠶ᠋ᠢᠨ ᠮᠡᠲᠡᠯᠭᠡ  - ᠬᠣᠶᠠᠷ ( ᠬᠡᠯᠡ ᠪᠢᠴᠢᠭ – ᠳᠣᠯᠣᠳᠤᠭᠠᠷ ᠳᠡᠪᠲᠡᠷ)Зөв бичлэгийн мэдлэг-хоёр( Хэл бичиг – Долдугар дэвтэр)

2023-08-11

383

ᠵᠥᠪ ᠪᠢᠴᠢᠯᠭᠡ ᠶ᠋ᠢᠨ ᠮᠡᠲᠡᠯᠭᠡ  - ᠬᠣᠶᠠᠷ


                 ᠬᠠᠮᠢᠶᠠᠳᠠᠭᠤᠯᠬᠤ ᠶᠣᠰᠣ  

      ᠮᠣᠩᠭᠣᠯ ᠬᠡᠯᠡᠨ ᠳ᠋ᠦ᠍ ᠬᠥᠮᠦᠨ ᠶᠠᠭᠤᠮ᠎ᠠ ᠶ᠋ᠢ ᠴᠣᠬᠣᠮ ᠬᠡᠨ ᠳ᠋ᠦ᠍᠂ ᠶᠠᠭᠤᠨ ᠳ᠋ᠤ᠌ ᠬᠠᠮᠢᠶᠠᠲᠠᠢ ᠪᠣᠯᠬᠤ ᠶ᠋ᠢ ᠲᠤᠰᠬᠠᠢ ᠳᠠᠭᠠᠪᠤᠷᠢ ᠵᠠᠯᠭᠠᠬᠤ ᠪᠤᠶᠤ ᠦᠭᠡ ᠳᠠᠭᠠᠭᠤᠯᠵᠤ ᠢᠯᠡᠷᠡᠭᠦᠯᠬᠦ ᠶᠣᠰᠣ ᠪᠠᠢᠳᠠᠭ᠃ ᠡᠭᠦᠨ ᠢ᠋ ᠬᠠᠮᠢᠶᠠᠳᠠᠭᠤᠯᠬᠤ ᠶᠣᠰᠣ ᠭᠡᠨ᠎ᠡ᠃  
      ᠬᠠᠮᠢᠶᠠᠳᠠᠭᠤᠯᠬᠤ ᠶᠣᠰᠣᠨ ᠳ᠋ᠤ᠌ ᠶᠡᠷᠦᠩᠬᠡᠢᠯᠡᠨ ᠬᠠᠮᠢᠶᠠᠳᠠᠭᠤᠯᠬᠤ ᠪᠠ ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠭᠡᠵᠦ ᠬᠣᠶᠠᠷ ᠵᠦᠢᠯ ᠪᠣᠢ᠃ 

           1᠂  ᠶᠡᠷᠦᠩᠬᠡᠢᠯᠡᠨ ᠬᠠᠮᠢᠶᠠᠳᠠᠭᠤᠯᠬᠤ 
      ᠶᠡᠷᠦᠩᠬᠡᠢᠯᠡᠨ ᠬᠠᠮᠢᠶᠠᠳᠠᠭᠤᠯᠬᠤ ᠳ᠋ᠤ᠌《 ᠪᠠᠨ᠂ ᠢ᠋ᠶ᠋ᠠᠨ 》ᠳᠠᠭᠠᠪᠤᠷᠢ ᠶ᠋ᠢ ᠬᠡᠷᠡᠭᠯᠡᠨ᠎ᠡ᠃  
     《 ᠪᠠᠨ》 ᠢ᠋ ᠡᠬᠡᠰᠢᠭ ᠢ᠋ᠶ᠋ᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃ 
           ᠵᠢᠱ᠌ᠢᠶᠡᠯᠡᠪᠡᠯ᠄ ᠮᠣᠷᠢ ᠪᠠᠨ ᠤᠰᠤᠯᠠ᠂ ᠠᠬ᠎ᠠ ᠪᠠᠨ ᠳᠠᠭᠠᠪᠠ᠂ ᠰᠢᠷᠡᠭᠡ ᠰᠠᠨᠳᠠᠯᠢ ᠪᠠᠨ ᠲᠡᠭᠰᠢᠯᠡᠪᠡ ᠭᠡᠬᠦ ᠮᠡᠲᠦ᠃ 
     《 ᠢᠶᠠᠨ》 ᠢ᠋ ᠭᠡᠢᠭᠦᠯᠦᠭᠴᠢ ᠪᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃ 
           ᠵᠢᠱ᠌ᠢᠶᠡᠯᠡᠪᠡᠯ᠄ ᠰᠢᠯ  ᠢᠶᠡᠨ ᠵᠦᠯᠭᠦ᠂ ᠦᠰᠦᠭ  ᠢᠶᠡᠨ ᠴᠡᠪᠡᠷ ᠪᠢᠴᠢ᠂ ᠡᠬᠡ ᠣᠷᠣᠨ ᠢ᠋ᠶ᠋ᠠᠨ ᠬᠠᠢᠷᠠᠯᠠᠬᠤ᠂ ᠠᠬᠠᠰ ᠵᠠᠬᠠᠰ ᠢ᠋ᠶ᠋ᠠᠨ ᠬᠦᠨᠳᠦᠯᠡᠬᠦ ᠭᠡᠬᠦ ᠮᠡᠲᠦ᠃       

          2᠂  ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ   
      ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠳ᠋ᠤ᠌《ᠮᠢᠨᠢ᠂ ᠴᠢᠨᠢ᠂ ᠨᠢ》ᠭᠤᠷᠪᠠᠨ ᠳᠠᠭᠠᠪᠤᠷᠢ ᠶ᠋ᠢ ᠬᠡᠷᠡᠭᠯᠡᠨ᠎ᠡ᠃ ᠡᠨᠡ ᠭᠤᠷᠪᠠᠨ ᠳᠠᠭᠠᠪᠤᠷᠢ ᠶ᠋ᠢ ᠶᠠᠮᠠᠷ ᠴᠤ᠌ ᠦᠭᠡ᠂ ᠶᠠᠮᠠᠷ ᠴᠤ᠌ ᠲᠡᠢᠨ ᠢᠯᠭᠠᠯ ᠤ᠋ᠨ ᠳᠠᠷᠠᠭ᠎ᠠ ᠴᠥᠮ ᠬᠡᠷᠡᠭᠯᠡᠨ᠎ᠡ᠃ 
     《ᠮᠢᠨᠢ》 ᠶ᠋ᠢ ᠨᠢᠭᠡᠳᠦᠭᠡᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃ 
            ᠵᠢᠱ᠌ᠢᠶ᠎ᠡ ᠨᠢ᠄ ᠪᠠᠭᠰᠢ ᠮᠢᠨᠢ ᠢᠷᠡᠪᠡ᠂ ᠳᠡᠭᠦᠦ ᠮᠢᠨᠢ ᠶᠠᠪᠤᠪᠠ ᠭᠡᠬᠦ ᠮᠡᠲᠦ᠃  
     《ᠴᠢᠨᠢ》 ᠶ᠋ᠢ ᠬᠣᠶᠠᠳᠤᠭᠠᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃ 
            ᠵᠢᠱ᠌ᠢᠶ᠎ᠡ ᠨᠢ᠄ ᠪᠠᠭᠰᠢ ᠴᠢᠨᠢ ᠢᠷᠡᠪᠡ᠂ ᠳᠡᠭᠦᠦ ᠴᠢᠨᠢ ᠶᠠᠪᠤᠪᠠ ᠭᠡᠬᠦ ᠮᠡᠲᠦ᠃  
     《ᠨᠢ》 ᠶ᠋ᠢ ᠭᠤᠷᠪᠠᠳᠤᠭᠠᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃ 
            ᠵᠢᠱ᠌ᠢᠶ᠎ᠡ ᠨᠢ᠄ ᠪᠠᠭᠰᠢ ᠨᠢ ᠢᠷᠡᠪᠡ᠂ ᠳᠡᠭᠦᠦ ᠨᠢ ᠶᠠᠪᠤᠪᠠ ᠭᠡᠬᠦ ᠮᠡᠲᠦ᠃  

※ᠢᠷᠡᠯᠲᠡ ᠄   
         ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ  
                       ᠬᠡᠯᠡ ᠪᠢᠴᠢᠭ     ᠳᠣᠯᠣᠳᠤᠭᠠᠷ ᠳᠡᠪᠲᠡᠷ  
              ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
              ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ 
              ᠥᠪᠥᠷ ᠮᠣᠩᠭᠣᠯ ᠤ᠋ᠨ  ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ  
               1991 ᠣᠨ ᠤ᠋ 3 ᠰᠠᠷ᠎ᠠ ᠳ᠋ᠤ᠌  ᠠᠩᠬᠠᠳᠤᠭᠠᠷ ᠬᠡᠪ ᠢ᠋ ᠬᠢᠪᠡ  
               1993 ᠣᠨ ᠤ᠋ 4 ᠰᠠᠷ᠎ᠠ ᠳ᠋ᠤ᠌  ᠭᠤᠷᠪᠠᠳᠤᠭᠠᠷ ᠤᠳᠠᠭ᠎ᠠ  ᠬᠡᠪᠯᠡᠪᠡ᠃ 
                                                ᠦᠨ᠎ᠡ᠄1.40 ᠲᠥᠭᠥᠷᠢᠭ   

               ᠦᠰᠦᠭ ᠠᠮᠢᠯᠠᠭᠤᠯᠤᠭᠴᠢ᠄   ᠨᠠᠷᠠᠨᠰᠣᠶᠣᠯ
                    ᠦᠰᠦᠭ ᠬᠢᠨᠠᠭᠴᠢ᠄  ᠣᠳᠣᠨᠬᠤᠸᠠᠷ 
                           2023.7. 31