ᠱᠠᠭᠠᠵᠠᠩᠲᠤ ᠶ᠋ᠢᠨ ᠳᠠᠪᠠᠬ᠋ᠠ ( ᠤᠷᠠᠳ ᠠᠷᠠᠳ ᠤᠨ ᠳᠠᠭᠤᠤ)Шаазантын даваа (Урд ардын дуу)
ᠱᠠᠭᠠᠵᠠᠩᠲᠤ ᠶ᠋ᠢᠨ ᠳᠠᠪᠠᠭ᠎ᠠ ᠶ᠋ᠢ
ᠰᠢᠷᠭ᠎ᠠ ᠮᠣᠷᠢ ᠪᠠᠷ ᠳᠣᠭᠣᠯᠤᠶ᠎ᠠ ᠳᠠ᠂
ᠱᠠᠵᠢᠨ ᠪᠤᠷᠬᠠᠨ ᠬᠣᠶᠠᠷ ᠢ᠋
ᠣᠷᠣᠢ ᠳᠡᠭᠡᠷ᠎ᠡ ᠪᠡᠨ ᠰᠢᠲᠦᠶ᠎ᠡ ᠳᠡ᠃
ᠪᠤᠷᠭᠠᠰᠤᠲᠤ ᠶ᠋ᠢᠨ ᠳᠠᠪᠠᠭ᠎ᠠ ᠶ᠋ᠢ
ᠪᠤᠭᠤᠷᠤᠯ ᠮᠣᠷᠢ ᠪᠠᠷ ᠳᠣᠭᠣᠯᠤᠶ᠎ᠠ ᠳᠠ᠂
ᠪᠤᠷᠬᠠᠨ ᠱᠠᠵᠢᠨ ᠬᠣᠶᠠᠷ ᠢ᠋
ᠣᠷᠣᠢ ᠳᠡᠭᠡᠷ᠎ᠡ ᠪᠡᠨ ᠰᠢᠲᠦᠶ᠎ᠡ ᠳᠡ᠃
ᠡᠯᠡᠰᠦᠲᠦ ᠶ᠋ᠢᠨ ᠳᠠᠪᠠᠭ᠎ᠠ ᠶ᠋ᠢ
ᠡᠯᠮᠡᠩ ᠰᠢᠷᠭ᠎ᠠ ᠪᠠᠷ ᠲᠤᠭᠤᠯᠤᠶ᠎ᠠ ᠳᠠ᠂
ᠡᠵᠢ ᠠᠪᠤ ᠬᠣᠶᠠᠷ ᠢ᠋ᠶ᠋ᠠᠨ
ᠡᠯᠢᠭᠡᠨ ᠳᠤᠮᠳᠠ ᠪᠠᠨ ᠰᠢᠲᠦᠶ᠎ᠡ ᠳᠡ᠂
ᠬᠠᠪᠲᠠᠷᠭᠠᠨ ᠳ᠋ᠠᠭᠠᠨ ᠵᠣᠬᠢᠰᠲᠠᠢ
ᠬᠣᠯᠠ ᠬᠠᠯᠲᠠᠷ ᠮᠣᠷᠢ᠂
ᠬᠤᠷᠠᠯ ᠳ᠋ᠠᠭᠠᠨ ᠵᠣᠬᠢᠰᠲᠠᠢ
ᠵᠢᠪᠽᠠᠨᠳᠠᠮᠪᠠ ᠶ᠋ᠢᠨ ᠬᠤᠪᠢᠯᠭᠠᠨ᠃
ᠳᠥᠷᠪᠡᠨ ᠬᠠᠨ᠎ᠠ ᠲᠠᠢ ᠭᠡᠷ ᠨᠢ
ᠬᠥᠯᠲᠦᠷᠭᠡᠨ ᠳ᠋ᠡᠭᠡᠨ ᠵᠣᠬᠢᠰᠲᠠᠢ᠂
ᠵᠢᠪᠽᠠᠨᠳᠠᠮᠪᠠ ᠶ᠋ᠢᠨ ᠱᠠᠪᠢ ᠨᠢ
ᠡᠷᠭᠦᠮᠵᠢ ᠳ᠋ᠡᠭᠡᠨ ᠵᠣᠬᠢᠰᠲᠠᠢ᠃
ᠳᠥᠷᠪᠡᠨ ᠬᠥᠯ ᠲᠡᠢ ᠰᠢᠷᠡᠭᠡ ᠪᠡᠨ
ᠴᠥᠭᠡᠨ ᠭᠡᠵᠦ ᠭᠣᠯᠣᠪᠠ ᠤᠤ?
ᠳᠥᠴᠢᠨ ᠨᠠᠢ᠍ᠮᠠᠨ ᠱᠠᠪᠢ ᠪᠠᠨ
ᠴᠥᠭᠡᠨ ᠭᠡᠵᠦ ᠭᠣᠯᠣᠪᠠ ᠤᠤ?
ᠨᠠᠢ᠍ᠮᠠᠨ ᠬᠥᠯ ᠲᠡᠢ ᠰᠢᠷᠡᠭᠡ ᠪᠡᠨ
ᠨᠠᠷᠢᠬᠠᠨ ᠭᠡᠵᠦ ᠭᠣᠯᠣᠪᠠ ᠤᠤ?
ᠨᠠᠶᠠᠨ ᠲᠦᠮᠡᠨ ᠱᠠᠪᠢ ᠪᠠᠨ
ᠴᠥᠭᠡᠨ ᠭᠡᠵᠦ ᠭᠣᠯᠣᠪᠠ ᠤᠤ?
ᠦᠰᠦᠭ ᠠᠮᠢᠯᠠᠭᠤᠯᠤᠭᠴᠢ : ᠣᠳᠬᠠᠨᠴᠡᠴᠡᠭ
ᠬᠢᠨᠠᠭᠴᠢ ᠪᠠᠭᠰᠢ᠄ᠰᠡᠬᠡᠭᠡᠷᠡᠯ ᠂ ᠣᠳᠬᠠᠨᠰᠣ ᠠ᠋
※ ᠢᠷᠡᠯᠲᠡ᠄ ᠤᠷᠠᠳ ᠠᠷᠠᠳ ᠤ᠋ᠨ ᠳᠠᠭᠤᠤ
