ᠯᠠᠮᠠ ᠭᠤᠷᠪᠠᠨ ᠡᠷᠳᠡᠨᠢЛам гураван эрдэн-ᠣᠷᠳᠣᠰ ᠠᠷᠠᠳ ᠤᠨ ᠳᠠᠭᠤᠤ28
ᠯᠠᠮᠠ ᠭᠤᠷᠪᠠᠨ ᠡᠷᠳᠡᠨᠢ
ᠯᠠᠮᠠ ᠭᠤᠷᠪᠠᠨ ᠡᠷᠳᠡᠨᠢ ᠨᠢ
ᠠᠳᠢᠰᠳᠠᠳ ᠤ᠋ᠨ ᠬᠦᠴᠦᠨ ᠢ᠋ᠶ᠋ᠡᠷ
ᠱᠠᠰᠢᠨ ᠮᠠᠰᠢ ᠳᠡᠯᠭᠡᠷᠡᠭᠡᠳ
ᠲᠥᠷᠥ ᠪᠠᠲᠤ ᠪᠣᠯᠲᠤᠭᠠᠢ
ᠡᠵᠡᠨ ᠲᠡᠭᠷᠢ ᠶ᠋ᠢᠨ ᠤᠨᠠᠭ᠎ᠠ
ᠡᠮᠡᠭᠡᠯ ᠲᠡᠢ ᠪᠠᠢᠬᠤ ᠶᠣ᠌ᠰᠣᠲᠠᠢ
ᠡᠵᠡᠳ ᠨᠣᠶᠠᠳ ᠤ᠋ᠨ ᠡᠮᠦᠨ᠎ᠡ
ᠰᠥᠭᠥᠳᠦᠨ ᠪᠠᠢᠬᠤ ᠶᠣ᠌ᠰᠣᠲᠠᠢ
ᠬᠠᠨ ᠲᠡᠭᠷᠢ ᠶ᠋ᠢᠨ ᠤᠨᠠᠭ᠎ᠠ
ᠬᠠᠵᠠᠭᠠᠷ ᠲᠠᠢ ᠪᠠᠢᠬᠤ ᠶᠣ᠌ᠰᠣᠲᠠᠢ
ᠬᠠᠭᠠᠳ ᠨᠣᠶᠠᠳ ᠤ᠋ᠨ ᠡᠮᠦᠨ᠎ᠡ
ᠰᠥᠭᠥᠳᠦᠨ ᠪᠠᠢᠬᠤ ᠶᠣ᠌ᠰᠣᠲᠠᠢ
ᠳᠡᠯᠭᠡᠷᠡᠭᠰᠡᠨ ᠱᠠᠰᠢᠨ ᠤ᠋
ᠪᠠᠲᠤᠳᠬᠠᠭᠰᠠᠨ ᠲᠥᠷᠥ ᠳ᠋ᠦ᠍
ᠰᠠᠢᠨ ᠴᠦ᠍ ᠯᠠᠮᠠ ᠶ᠋ᠢᠨ ᠠᠳᠢᠰ ᠢ᠋ᠶ᠋ᠠᠷ
ᠲᠥᠷᠥ ᠪᠠᠲᠤ ᠪᠣᠯᠲᠤᠭᠠᠢ
