ᡂᠢ ᠢᠦᠢ ᠶᠢᠨ ᠪᠠᠢᠯᠳᠤᠭᠠᠨ ( ᠬᠡᠯᠡ ᠪᠢᠴᠢᠭ – ᠳᠣᠯᠣᠳᠤᠭᠠᠷ ᠳᠡᠪᠲᠡᠷ) Чи юйн байлдаан( Хэл бичиг – Долдугар дэвтэр)
ᡂᠢ ᠢᠦᠢ ᠶᠢᠨ ᠪᠠᠢᠯᠳᠤᠭᠠᠨ
ᠵᠡᠭᠦᠨ ᠬᠠᠨ ᠤᠯᠤᠰ ᠤ᠋ᠨ ᠰᠡᠭᠦᠯᠴᠢ ᠶ᠋ᠢᠨ ᠦᠶ᠎ᠡ ᠳ᠋ᠦ᠍᠂ ᠼᠤᠤ ᠼᠤᠤ ᠬᠥᠬᠡ ᠮᠥᠷᠡᠨ ᠦ᠌ ᠡᠮᠦᠨ᠎ᠡ ᠳ᠋ᠡᠬᠢ ᠵᠡᠭᠦᠨ ᠡᠦ ᠤᠯᠤᠰ ᠤ᠋ᠨ ᠭᠠᠵᠠᠷ ᠨᠤᠲᠤᠭ ᠢ᠋ ᠪᠤᠯᠢᠶᠠᠨ ᠡᠵᠡᠯᠡᠷ᠎ᠡ ᠶᠡᠬᠡ ᠴᠡᠷᠢᠭ ᠳᠠᠭᠠᠭᠤᠯᠤᠨ ᠡᠮᠦᠨᠡᠰᠢ ᠣᠷᠣᠪᠠ᠃ ᠵᠡᠭᠦᠨ ᠡᠦ ᠤᠯᠤᠰ ᠤ᠋ᠨ ᠵᠧᠦ ᠢᠦᠢ ᠴᠡᠷᠢᠭ ᠵᠠᠩᠵᠤᠨ ᠲᠣᠮᠢᠯᠠᠵᠤ᠂ ᡂᠢ ᠪᠢ ᠳ᠋ᠦ᠍ ᠪᠠᠭᠤᠳᠠᠯᠯᠠᠨ ᠼᠤᠤ ᠼᠤᠤ ᠶ᠋ᠢᠨ ᠴᠡᠷᠢᠭ ᠲᠡᠢ ᠮᠥᠷᠡᠨ ᠠᠯᠤᠰᠯᠠᠨ ᠡᠰᠡᠷᠭᠦᠯᠡᠵᠦ᠂ ᠼᠤᠤ ᠼᠤᠤ ᠶ᠋ᠢᠨ ᠴᠡᠷᠢᠭ ᠮᠥᠷᠡᠨ ᠦ᠌ ᠬᠣᠢᠲᠤ ᠡᠷᠭᠢ ᠳ᠋ᠦ᠍᠂ ᠵᠧᠦ ᠢᠦᠢ ᠶ᠋ᠢᠨ ᠴᠡᠷᠢᠭ ᠮᠥᠷᠡᠨ ᠦ᠌ ᠡᠮᠦᠨᠡᠲᠦ ᠡᠷᠭᠢ ᠳ᠋ᠦ᠍ ᠪᠠᠢᠪᠠ᠃
ᠼᠤᠤ ᠼᠤᠤ ᠶ᠋ᠢᠨ ᠴᠡᠷᠢᠭ ᠴᠥᠮ ᠤᠮᠠᠷᠠᠲᠤ ᠭᠠᠵᠠᠷ ᠤ᠋ᠨ ᠬᠥᠮᠦᠰ ᠲᠤᠯᠠ ᠣᠩᠭᠣᠴᠠᠨ ᠳ᠋ᠤ᠌ ᠰᠠᠭᠤᠵᠤ ᠳᠠᠰᠤᠭᠠᠳᠤᠢ ᠠᠵᠠᠢ᠃ ᠭᠡᠪᠡᠴᠦ ᠥᠷᠭᠡᠨ ᠮᠥᠷᠡᠨ ᠢ᠋ ᠭᠠᠲᠤᠯᠬᠤ ᠳ᠋ᠤ᠌ ᠡᠷᠬᠡᠪᠰᠢ ᠣᠩᠭᠣᠴᠠᠨ ᠳ᠋ᠤ᠌ ᠰᠠᠭᠤᠬᠤ ᠦᠭᠡᠢ ᠪᠣᠯᠬᠤ ᠦᠭᠡᠢ᠃ ᠼᠤᠤ ᠼᠤᠤ ᠮᠠᠰᠢ ᠣᠯᠠᠨ ᠣᠩᠭᠣᠴᠠ ᠶ᠋ᠢ ᠲᠡᠮᠦᠷ ᠭᠢᠨᠵᠢ ᠪᠡᠷ ᠬᠣᠯᠪᠣᠭᠤᠯᠤᠭᠠᠳ ᠳᠡᠭᠡᠷ᠎ᠡ ᠨᠢ ᠪᠠᠩᠰᠠ ᠳᠡᠪᠢᠰᠴᠦ ᠲᠡᠭᠰᠢ ᠭᠠᠵᠠᠷ ᠠᠳᠠᠯᠢ ᠪᠣᠯᠭᠠᠵᠠᠢ᠃ ᠴᠡᠷᠢᠭ ᠦ᠋ᠳ ᠨᠢ ᠮᠥᠷᠡᠨ ᠳᠡᠭᠡᠷ᠎ᠡ ᠪᠠᠢᠯᠳᠤᠵᠤ ᠰᠣᠷᠣᠮᠠᠭᠴᠠ ᠼᠤᠤ ᠼᠤᠤ ᠮᠥᠷᠡᠨ ᠢ᠋ ᠭᠠᠲᠤᠯᠤᠨ ᠳᠠᠭᠠᠷᠢᠬᠤ ᠪᠠᠷ ᠬᠦᠯᠢᠶᠡᠵᠦ ᠪᠠᠢᠪᠠ᠃
ᠵᠧᠦ ᠢᠦᠢ ᠶ᠋ᠢᠨ ᠭᠠᠷ ᠳᠣᠣᠷᠠᠬᠢ ᠡᠪᠦᠭᠡᠨ ᠵᠠᠩᠵᠤᠨ ᠬᠤᠸᠠᠩ ᠭᠠᠢ ᠬᠡᠯᠡᠪᠡ᠄《 ᠼᠤᠤ ᠼᠤᠤ ᠶ᠋ᠢᠨ ᠴᠡᠷᠢᠭ ᠨᠠᠶᠠᠨ ᠲᠦᠮᠡ᠂ ᠪᠢᠳᠡᠨ ᠦ᠌ ᠴᠡᠷᠢᠭ ᠭᠤᠷᠪᠠᠬᠠᠨ ᠲᠦᠮᠡ᠂ ᠬᠦᠴᠦᠨ ᠮᠠᠰᠢ ᠶᠡᠬᠡ ᠵᠥᠷᠢᠶ᠎ᠡ ᠲᠡᠢ᠃ ᠲᠡᠳᠡᠨ ᠲᠡᠢ ᠤᠳᠠᠭᠠᠨ ᠪᠠᠢᠯᠳᠤᠪᠠᠯ ᠪᠢᠳᠡᠨ ᠳ᠋ᠦ᠍ ᠠᠰᠢᠭ ᠦᠭᠡᠢ᠃ ᠲᠡᠳᠡ ᠣᠩᠭᠣᠴᠠ ᠪᠠᠨ ᠲᠣᠯᠣᠭᠠᠢ ᠰᠡᠭᠦᠯ ᠢ᠋ ᠨᠢ ᠬᠣᠯᠪᠣᠵᠤ ᠴᠥᠮ ᠢ᠋ ᠦᠷᠭᠦᠯᠵᠢ ᠪᠣᠯᠭᠠᠭᠰᠠᠨ ᠲᠤᠯᠠ ᠭᠠᠭᠴᠠ ᠬᠦ᠌ ᠭᠠᠯ ᠢ᠋ᠶ᠋ᠠᠷ ᠳᠠᠭᠠᠷᠢᠬᠤ ᠠᠷᠭ᠎ᠠ ᠶ᠋ᠢ ᠬᠡᠷᠡᠭᠯᠡᠪᠡᠯ ᠲᠡᠳᠡ ᠳᠤᠲᠠᠭᠠᠪᠠᠴᠤ ᠳᠤᠲᠠᠭᠠᠵᠤ ᠴᠢᠳᠠᠬᠤ ᠦᠭᠡᠢ》 ᠭᠡᠪᠡ᠃
ᠵᠧᠦ ᠢᠦᠢ ᠬᠡᠯᠡᠭᠰᠡᠨ ᠨᠢ᠄《 ᠡᠨᠡ ᠠᠷᠭ᠎ᠠ ᠮᠠᠰᠢ ᠰᠠᠢᠨ᠂ ᠭᠡᠪᠡᠴᠦ ᠭᠠᠯ ᠢ᠋ᠶ᠋ᠠᠷ ᠶᠠᠭᠠᠬᠢᠨ ᠳᠠᠭᠠᠷᠢᠬᠤ ᠠᠷᠭ᠎ᠠ ᠪᠠᠨ ᠰᠠᠢᠲᠤᠷ ᠪᠣᠳᠣᠬᠤ ᠬᠡᠷᠡᠭᠲᠡᠢ 》ᠭᠡᠪᠡ᠃ 《ᠠᠷᠭ᠎ᠠ ᠤᠬᠠᠭᠠᠨ ᠢ᠋ ᠨᠢᠭᠡᠨᠲᠡ ᠪᠣᠳᠣᠵᠤ ᠭᠠᠷᠭᠠᠪᠠ》 ᠭᠡᠮᠡᠨ ᠬᠤᠸᠠᠩ ᠭᠠᠢ ᠪᠣᠳᠣᠭᠰᠠᠨ ᠠᠷᠭ᠎ᠠ ᠪᠠᠨ ᠵᠧᠦ ᠢᠦᠢ ᠳ᠋ᠦ᠍ᠷ ᠬᠡᠯᠡᠪᠡᠰᠦ ᠵᠧᠦ ᠢᠦᠢ ᠰᠣᠨᠣᠰᠤᠭᠠᠳ ᠠᠯᠠᠰᠬᠢᠨ ᠪᠠᠶᠠᠷᠯᠠᠵᠤ ᠲᠡᠷᠡ ᠶᠣᠰᠣᠭᠠᠷ ᠬᠢᠲᠦᠭᠡᠢ ᠭᠡᠪᠡ᠃
ᠬᠤᠸᠠᠩ ᠭᠠᠢ᠂ ᠼᠤᠤ ᠼᠤᠤ ᠳ᠋ᠤ᠌ ᠵᠠᠬᠢᠳᠠᠯ ᠪᠢᠴᠢᠵᠦ ᠬᠥᠮᠦᠨ ᠲᠣᠮᠢᠯᠠᠨ ᠬᠦᠷᠭᠡᠭᠦᠯᠪᠡ᠃ ᠵᠠᠬᠢᠳᠠᠯ ᠳ᠋ᠠᠭᠠᠨ᠄ ᠡᠦ ᠤᠯᠤᠰ ᠤ᠋ᠨ ᠴᠡᠷᠢᠭ ᠴᠥᠭᠡᠨ ᠲᠤᠯᠠ ᠨᠠᠶᠠᠨ ᠲᠦᠮᠡᠨ ᠶᠡᠬᠡ ᠴᠡᠷᠢᠭ ᠢ᠋ ᠬᠡᠷᠬᠢᠪᠡᠴᠦ ᠬᠣᠷᠢᠭᠯᠠᠵᠤ ᠳᠡᠢᠯᠬᠦ ᠦᠭᠡᠢ᠃ ᠵᠧᠦ ᠢᠦᠢ ᠬᠢᠷᠢ ᠪᠡᠨ ᠮᠡᠳᠡᠬᠦ ᠦᠭᠡᠢ᠂ ᠥᠨᠳᠡᠭᠡ ᠪᠡᠷ ᠴᠢᠯᠠᠭᠤ ᠴᠣᠬᠢᠬᠤ ᠭᠡᠵᠦ ᠪᠠᠢᠬᠤ ᠲᠤᠯᠠ ᠳᠡᠢᠯᠦᠭᠳᠡᠨ᠎ᠡ ᠭᠡᠳᠡᠭ ᠢ᠋ ᠬᠡᠨ ᠴᠦ᠍ ᠪᠦᠷ ᠮᠡᠳᠡᠵᠦ ᠪᠣᠢ᠃ ᠮᠢᠨᠦ ᠪᠡᠶ᠎ᠡ ᠵᠡᠭᠦᠨ ᠡᠦ ᠤᠯᠤᠰ ᠠ᠋ᠴᠠ ᠰᠠᠯᠵᠤ ᠮᠠᠰᠢ ᠣᠯᠠᠨ ᠴᠡᠷᠢᠭ ᠬᠢᠭᠡᠳ ᠬᠦᠨᠡᠰᠦ ᠪᠣᠷᠳᠣᠭ᠎ᠠ ᠶ᠋ᠢ ᠠᠪᠴᠤ ᠲᠠᠨ ᠳ᠋ᠤ᠌ ᠳᠠᠭᠠᠬᠤ ᠪᠠᠷ ᠣᠴᠢᠨ᠎ᠠ ᠭᠡᠵᠦ ᠪᠢᠴᠢᠵᠡᠢ᠃
ᠬᠤᠸᠠᠩ ᠭᠠᠢ ᠶ᠋ᠢᠨ ᠵᠠᠬᠢᠳᠠᠯ ᠢ᠋ ᠦᠵᠡᠭᠡᠳ ᠼᠤᠤ ᠼᠤᠤ ᠶᠡᠬᠡᠳᠡ ᠪᠠᠶᠠᠷᠯᠠᠪᠠ᠃
ᠨᠢᠭᠡᠨ ᠡᠳᠦᠷ ᠮᠥᠷᠡᠨ ᠳᠡᠭᠡᠷ᠎ᠡ ᠵᠡᠭᠦᠨ ᠡᠮᠦᠨ᠎ᠡ ᠶ᠋ᠢᠨ ᠰᠠᠯᠬᠢᠨ ᠰᠢᠷᠦᠭᠦᠰᠴᠦ ᠠᠭᠤᠯᠠ ᠮᠡᠲᠦ ᠳᠠᠪᠠᠯᠭᠠᠨ ᠪᠣᠰᠤᠨ ᠬᠣᠢᠲᠤ ᠡᠷᠭᠢ ᠤᠷᠤᠭᠤ ᠪᠠᠨ ᠴᠠᠯᠭᠢᠯᠠᠪᠠ᠃ ᠼᠤᠤ ᠼᠤᠤ ᠰᠠᠯᠬᠢᠨ ᠢ᠋ ᠡᠰᠡᠷᠭᠦᠯᠡᠨ ᠪᠠᠷᠠᠯᠠᠨ ᠪᠠᠢᠲᠠᠯ᠎ᠠ ᠭᠡᠨᠡᠳᠲᠡ ᠨᠢᠭᠡ ᠬᠤᠶᠠᠭ ᠬᠤᠷᠤᠭᠤ ᠪᠠᠷ ᠵᠢᠭᠠᠵᠤ᠄《 ᠮᠥᠷᠡᠨ ᠦ᠌ ᠡᠮᠦᠨ᠎ᠡ ᠵᠠᠬ᠎ᠠ ᠠ᠋ᠴᠠ ᠨᠢᠭᠡᠨ ᠬᠡᠰᠡᠭ ᠳᠠᠷᠪᠠᠭᠤᠯ ᠰᠠᠯᠬᠢᠨ ᠳ᠋ᠤ᠌ ᠫᠦᠩᠬᠦᠢᠵᠦ᠂ ᠨᠠᠭᠠᠰᠢᠯᠠᠬᠤ ᠨᠢ ᠪᠥᠷᠲᠥᠯᠵᠡᠨ ᠬᠠᠷᠠᠭᠳᠠᠵᠤ ᠪᠣᠢ》 ᠬᠡᠮᠡᠪᠡ᠃ ᠼᠤᠤ ᠼᠤᠤ ᠨᠠᠷᠢᠪᠴᠢᠯᠠᠨ ᠠᠵᠢᠭᠯᠠᠪᠠᠰᠤ ᠦᠨᠡᠬᠡᠷ ᠨᠢᠭᠡᠨ ᠠᠩᠭᠢ ᠣᠩᠭᠣᠴᠠ ᠬᠣᠢᠲᠤ ᠡᠷᠭᠢ ᠶ᠋ᠢ ᠴᠢᠭᠯᠡᠨ ᠢᠷᠡᠪᠡ᠃ ᠲᠦᠳᠡᠯ ᠦᠭᠡᠢ ᠮᠥᠷᠡᠨ ᠦ᠌ ᠳᠤᠮᠳᠠ ᠬᠦᠷᠴᠦ ᠢᠷᠡᠭᠰᠡᠨ ᠳ᠋ᠦ᠍ ᠣᠩᠭᠣᠴᠠᠨ ᠤ᠋ ᠬᠣᠰᠢᠭᠤ ᠳ᠋ᠤ᠌《 ᠬᠤᠸᠠᠩ》 ᠥᠰᠥᠭᠲᠦ ᠳᠠᠯᠪᠠᠭ᠎ᠠ ᠡᠯᠭᠦᠵᠦ ᠪᠠᠢᠬᠤ ᠨᠢ ᠲᠣᠳᠣᠷᠬᠠᠢ ᠬᠠᠷᠠᠭᠳᠠᠪᠠ᠃ ᠼᠤᠤ ᠼᠤᠤ ᠢᠨᠢᠶᠡᠵᠦ᠄《 ᠬᠤᠸᠠᠩ ᠭᠠᠢ ᠦᠭᠡ ᠪᠡᠨ ᠮᠡᠯᠵᠢᠭᠰᠡᠨ ᠦᠭᠡᠢ᠂ ᠳᠠᠭᠠᠬᠤ ᠪᠠᠷ ᠢᠷᠡᠪᠡ》 ᠭᠡᠪᠡ᠃
ᠰᠠᠯᠬᠢ ᠤᠷᠤᠭᠤ ᠢᠷᠡᠵᠦ ᠪᠠᠢᠭ᠎ᠠ ᠣᠩᠭᠣᠴᠠ ᠨᠤᠭᠤᠳ ᠦᠨᠡᠬᠡᠷ ᠬᠤᠸᠠᠩ ᠭᠠᠢ ᠶ᠋ᠢᠨ ᠣᠩᠭᠣᠴᠠ ᠮᠥᠨ ᠪᠠᠢᠪᠠ᠃ ᠨᠡᠢᠲᠡ ᠬᠣᠷᠢᠨ ᠶᠡᠬᠡ ᠣᠩᠭᠣᠴᠠ ᠪᠣᠢ᠃ ᠡᠳᠡᠭᠡᠷ ᠣᠩᠭᠣᠴᠠ ᠶ᠋ᠢ ᠴᠥᠮ ᠣᠷᠬᠢᠭᠤᠯ ᠢ᠋ᠶ᠋ᠠᠷ ᠪᠦᠲᠡᠭᠡᠵᠡᠢ᠃ ᠳᠣᠲᠣᠷ᠎ᠠ ᠨᠢ ᠰᠠᠭᠤᠭᠰᠠᠨ ᠴᠡᠷᠢᠭ ᠦᠭᠡᠢ᠂ ᠬᠦᠨᠡᠰᠦ ᠪᠣᠷᠳᠣᠭ᠎ᠠ ᠴᠤ᠌ ᠲᠡᠭᠡᠭᠡᠭᠰᠡᠨ ᠦᠭᠡᠢ᠃ ᠬᠠᠷᠢᠨ ᠵᠡᠭᠡᠰᠦ᠂ ᠬᠠᠭᠤᠷᠠᠢ ᠲᠦᠯᠡᠭᠡ ᠠᠴᠢᠵᠤ ᠳᠡᠭᠡᠷ᠎ᠡ ᠡᠴᠡ ᠨᠢ ᠱᠣᠣ᠂ ᠬᠦᠬᠦᠷ ᠠᠰᠬᠠᠭᠰᠠᠨ ᠠᠵᠠᠢ᠃ ᠶᠡᠬᠡ ᠣᠩᠭᠣᠴᠠᠨ ᠤ᠋ ᠬᠣᠢᠨ᠎ᠠ ᠠ᠋ᠴᠠ ᠪᠠᠰᠠ ᠬᠡᠳᠦᠨ ᠵᠠᠪᠢ ᠴᠦᠷᠬᠦᠯᠡᠭᠰᠡᠨ ᠪᠠᠢᠪᠠ᠃
ᠬᠤᠸᠠᠩ ᠭᠠᠢ ᠶ᠋ᠢᠨ ᠣᠩᠭᠣᠴᠠ ᠳᠠᠷᠪᠠᠭᠤᠯ ᠢ᠋ᠶ᠋ᠠᠨ ᠭᠦᠢᠴᠡᠳ ᠳᠡᠯᠭᠡᠵᠦ ᠬᠠᠷᠪᠤᠭᠰᠠᠨ ᠰᠤᠮᠤ ᠮᠡᠲᠦ ᠬᠤᠷᠳᠤᠨ ᠣᠷᠣᠭᠰᠢ ᠳᠠᠪᠰᠢᠨ᠎ᠠ᠃ ᠵᠧᠦ ᠢᠦᠢ ᠴᠡᠷᠢᠭ ᠠᠪᠴᠤ ᠬᠣᠢᠨ᠎ᠠ ᠠ᠋ᠴᠠ ᠨᠢ ᠳᠠᠭᠠᠵᠤ ᠪᠠᠢᠪᠠ᠃ ᠲᠡᠷᠲᠡᠭᠡ ᠡᠷᠭᠢ ᠳ᠋ᠡᠬᠢ ᠼᠤᠤ ᠼᠤᠤ ᠵᠥᠪᠬᠡᠨ ᠬᠤᠸᠠᠩ ᠭᠠᠢ ᠶ᠋ᠢ ᠳᠠᠭᠠᠬᠤ ᠪᠠᠷ ᠢᠷᠡᠪᠡ ᠭᠡᠮᠡᠨ ᠪᠠᠶᠠᠷᠯᠠᠭᠰᠠᠨ ᠠ᠋ᠴᠠ ᠪᠢᠰᠢ ᠶᠠᠮᠠᠷ ᠴᠤ᠌ ᠪᠡᠯᠡᠳᠬᠡᠯ ᠦᠭᠡᠢ ᠪᠠᠢᠵᠠᠢ᠃
ᠬᠤᠸᠠᠩ ᠭᠠᠢ ᠶ᠋ᠢᠨ ᠣᠩᠭᠣᠴᠠ ᠼᠤᠤ ᠼᠤᠤ ᠶ᠋ᠢᠨ ᠣᠩᠭᠣᠴᠠᠨ ᠳ᠋ᠤ᠌ ᠬᠣᠶᠠᠷ ᠭᠠᠵᠠᠷ ᠵᠠᠢ ᠲᠠᠢ ᠣᠢᠷᠠᠲᠤᠮᠠᠭᠴᠠ ᠪᠠᠨ ᠴᠡᠷᠢᠭ ᠲᠡᠭᠡᠨ ᠵᠠᠷᠯᠠᠨ ᠬᠣᠷᠢᠨ ᠣᠩᠭᠣᠴᠠ ᠵᠡᠭᠡᠰᠦ ᠪᠡᠨ ᠨᠢᠭᠡᠨ ᠵᠡᠷᠭᠡ ᠨᠣᠴᠣᠭᠠᠵᠤ ᠥᠪᠡᠷᠰᠡᠳ ᠢᠶᠠᠨ ᠵᠠᠪᠢ ᠳᠡᠭᠡᠷ᠎ᠡ ᠪᠡᠨ ᠭᠠᠷᠴᠤ ᠴᠦᠷᠬᠦ ᠶ᠋ᠢ ᠲᠠᠢᠯᠪᠠ᠃ ᠬᠣᠷᠢᠨ ᠣᠩᠭᠣᠴᠠ ᠭᠠᠯ ᠭᠱᠠᠨ ᠵᠠᠭᠤᠷ᠎ᠠ ᠼᠤᠤ ᠼᠤᠤ ᠶ᠋ᠢᠨ ᠣᠩᠭᠣᠴᠠ ᠤᠷᠤᠭᠤ ᠳᠠᠭᠠᠷᠢᠨ ᠣᠷᠣᠪᠠ᠃ ᠼᠤᠤ ᠼᠤᠤ ᠶ᠋ᠢᠨ ᠣᠩᠭᠣᠴᠠ ᠨᠢᠭᠡᠨ ᠳᠣᠣᠷ᠎ᠠ ᠴᠥᠮ ᠭᠠᠯ ᠠᠪᠤᠯᠴᠠᠨ ᠰᠢᠲᠠᠪᠠ᠃ ᠣᠩᠭᠣᠴᠠ ᠶ᠋ᠢ ᠪᠦᠷ ᠲᠡᠮᠦᠷ ᠭᠢᠨᠵᠢ ᠪᠡᠷ ᠬᠣᠯᠪᠣᠵᠤ ᠪᠠᠢᠭᠰᠠᠨ ᠲᠤᠯᠠ ᠰᠠᠯᠵᠤ ᠲᠠᠷᠬᠠᠵᠤ ᠴᠢᠳᠠᠬᠤ ᠦᠭᠡᠢ ᠪᠣᠯᠵᠠᠢ᠃ ᠭᠠᠯ ᠪᠠᠰᠠ ᠡᠷᠭᠢ ᠳᠡᠭᠡᠷ᠎ᠡ ᠦᠷᠪᠢᠰᠦᠨ ᠬᠦᠷᠴᠦ ᠴᠡᠷᠢᠭ ᠦ᠋ᠨ ᠬᠦᠷᠢᠶ᠎ᠡ ᠴᠦ᠍ ᠨᠣᠴᠣᠵᠤ ᠡᠬᠢᠯᠡᠪᠡ᠃
ᠭᠠᠯ ᠤ᠋ᠨ ᠭᠡᠷᠡᠯ ᠭᠠᠵᠠᠷ ᠲᠩᠷᠢ ᠶ᠋ᠢ ᠭᠦᠨ ᠤᠯᠠᠭᠠᠨ ᠪᠣᠯᠭᠠᠵᠤ ᠭᠠᠰᠢᠭᠤᠨ ᠬᠠᠷ᠎ᠠ ᠤᠲᠤᠭ᠎ᠠ ᠮᠥᠷᠡᠨ ᠢ᠋ ᠪᠦᠷᠬᠦᠵᠦ᠂ ᠤᠰᠤ ᠡᠷᠭᠢ ᠬᠣᠶᠠᠷ ᠨᠢ ᠢᠯᠭᠠᠷᠠᠨ ᠲᠠᠨᠢᠭᠳᠠᠬᠤ ᠦᠭᠡᠢ ᠪᠣᠯᠪᠠ᠃ ᠤᠬᠢᠯᠠᠬᠤ ᠳᠠᠭᠤᠨ ᠴᠢᠷᠠᠯᠠᠬᠤ ᠳᠠᠭᠤᠨ ᠬᠤᠳᠬᠤᠯᠳᠤᠨ ᠦᠢᠮᠡᠵᠦ᠂ ᠼᠤᠤ ᠼᠤᠤ ᠶ᠋ᠢᠨ ᠬᠤᠶᠠᠭ ᠠᠭᠲᠠ ᠬᠣᠶᠠᠷ ᠤ᠋ᠨ ᠰᠢᠳᠡᠵᠦ ᠦᠬᠦᠭᠰᠡᠨ ᠨᠢ ᠲᠣᠭ᠎ᠠ ᠦᠭᠡᠢ᠃
ᠼᠤᠤ ᠼᠤᠤ ᠵᠠᠪᠢ ᠳ᠋ᠤ᠌ ᠰᠠᠭᠤᠨ ᠡᠷᠭᠢ ᠳᠡᠭᠡᠷ᠎ᠡ ᠳᠤᠲᠠᠭᠠᠨ ᠭᠠᠷᠪᠠ᠃ ᠠᠷᠤ ᠠ᠋ᠴᠠ ᠨᠢ ᠬᠡᠩᠭᠡᠷᠭᠡ ᠶ᠋ᠢᠨ ᠳᠠᠭᠤᠨ ᠭᠠᠵᠠᠷ ᠲᠩᠷᠢ ᠶ᠋ᠢ ᠳᠣᠩᠰᠣᠯᠭᠠᠨ ᠨᠢᠵᠢᠭᠢᠨᠡᠵᠦ᠂ ᠵᠧᠦ ᠢᠦᠢ ᠶ᠋ᠢᠨ ᠴᠡᠷᠢᠭ ᠨᠡᠬᠡᠨ ᠢᠷᠡᠵᠡᠢ᠃ ᠼᠤᠤ ᠼᠤᠤ ᠶ᠋ᠢᠨ ᠴᠡᠷᠢᠭ᠂ ᠵᠧᠦ ᠢᠦᠢ ᠶ᠋ᠢᠨ ᠴᠡᠷᠢᠭ ᠦ᠋ᠨ ᠪᠠᠷ᠎ᠠ ᠪᠠᠷ ᠰᠠᠷᠨᠢᠨ ᠪᠤᠲᠠᠷᠠᠵᠤ ᠬᠤᠶᠠᠭ ᠳᠤᠭᠤᠯᠠᠭ᠎ᠠ ᠪᠠᠨ ᠭᠡᠭᠡᠨ ᠳᠤᠲᠠᠭᠠᠵᠤ᠂ ᠡᠰᠡᠷᠭᠦᠴᠡᠨ ᠪᠠᠢᠯᠳᠤᠬᠤ ᠰᠡᠳᠬᠢᠯ ᠣᠭᠲᠣᠬᠠᠨ ᠴᠤ᠌ ᠦᠭᠡᠢ᠃ ᠼᠤᠤ ᠼᠤᠤ ᠴᠡᠷᠢᠭ ᠢᠶᠠᠨ ᠳᠠᠭᠠᠭᠤᠯᠤᠨ ᠬᠤᠸᠠ ᠿᠦᠩ ᠳ᠋ᠣᠣ ᠵᠦᠭ ᠪᠤᠷᠤᠭᠤᠯᠠᠪᠠ᠃
※ᠢᠷᠡᠯᠲᠡ ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋ 3 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1993 ᠣᠨ ᠤ᠋ 4 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ᠃
ᠦᠨ᠎ᠡ᠄1.40 ᠲᠥᠭᠥᠷᠢᠭ
ᠦᠰᠦᠭ ᠠᠮᠢᠯᠠᠭᠤᠯᠤᠭᠴᠢ᠄ ᠪᠦᠷᠢᠨᠴᠡᠴᠡᠭ
ᠦᠰᠦᠭ ᠬᠢᠨᠠᠭᠴᠢ᠄ ᠳ · ᠣᠶᠤᠨᠴᠡᠴᠡᠭ
