ᠭᠤᠷᠪᠠᠨ ᠲᠠᠭᠠᠳᠠᠭ ᠮᠣᠩᠭᠣᠯ ᠠᠷᠠᠳ ᠤᠨ ᠦᠯᠢᠭᠡᠷ ᠰᠤᠨᠤᠰᠬᠤГгурван таадаг ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠲᠠᠭᠠᠳᠠᠭ ᠮᠣᠩᠭᠣᠯ ᠠᠷᠠᠳ ᠤᠨ ᠦᠯᠢᠭᠡᠷ ᠰᠤᠨᠤᠰᠬᠤГгурван таадаг

ᠭᠤᠷᠪᠠᠨ ᠲᠠᠭᠠᠳᠠᠭ ᠮᠣᠩᠭᠣᠯ ᠠᠷᠠᠳ ᠤᠨ ᠦᠯᠢᠭᠡᠷ ᠰᠤᠨᠤᠰᠬᠤГгурван таадаг

ᠠᠩᠭᠢᠯᠠᠯ:ᠳᠣᠮᠣᠭ ᠦᠯᠢᠭᠡᠷ
2023-08-08

492

ᠭᠤᠷᠪᠠᠨ ᠲᠠᠭᠠᠳᠠᠭ

                  ᠮᠣᠩᠭᠣᠯ ᠠᠷᠠᠳ ᠤ᠋ᠨ ᠦᠯᠢᠭᠡᠷ
    ᠡᠷᠲᠡ ᠤᠷᠢᠳᠤ ᠶ᠋ᠢᠨ ᠴᠠᠭ ᠲᠤ᠌᠂ ᠨᠢᠭᠡᠨ ᠡᠮᠡᠭᠡᠨ ᠭᠤᠷᠪᠠᠨ ᠳᠠᠭᠠᠳᠠᠭ ᠨᠡᠷ᠎ᠡ ᠲᠡᠢ᠂ ᠭᠤᠷᠪᠠᠨ ᠬᠦᠦ ᠲᠡᠢ ᠪᠡᠨ ᠠᠮᠢᠳᠤᠷᠠᠳᠠᠭ ᠪᠠᠢᠵᠠᠢ᠃ ᠲᠡᠳᠡᠨ ᠦ᠌ ᠬᠢ ᠭᠠᠭᠴᠠ ᠦᠨᠢᠶ᠎ᠡ ᠲᠡᠢ ᠶᠦᠮ ᠰᠠᠨᠵᠠᠢ᠂ ᠬᠢ ᠬᠢ
ᠲᠡᠭᠡᠲᠡᠯ᠎ᠡ ᠨᠢᠭᠡ ᠡᠳᠦᠷ ᠭᠠᠭᠴᠠ ᠦᠨᠢᠶ᠎ᠡ ᠨᠢ ᠣᠷᠣ ᠰᠤᠷᠠᠭ ᠦᠭᠡᠢ ᠠᠯᠠᠭ᠎ᠠ ᠪᠣᠯᠵᠠᠢ᠃ ᠢᠩᠭᠢᠭᠡᠳ ᠭᠤᠷᠪᠠᠨ ᠬᠦᠦ ᠨᠢ ᠦᠨᠢᠶ᠎ᠡ ᠶ᠋ᠢ ᠨᠢ ᠬᠡᠨ ᠠᠪᠤᠭᠰᠠᠨ᠂ ᠡᠰᠡᠬᠦᠯ᠎ᠡ ᠴᠢᠨᠣ᠎ᠠ ᠨᠣᠬᠠᠢ ᠳ᠋ᠤ᠌ ᠢᠳᠡᠭᠦᠯᠦᠭᠰᠡᠨ ᠠᠯᠢ ᠨᠢ ᠪᠣᠯᠬᠤ ᠶ᠋ᠢ ᠮᠡᠳᠡᠬᠦ ᠶ᠋ᠢᠨ ᠲᠤᠯᠠᠳᠠ ᠳᠠᠭᠠᠶ᠎ᠠ ᠭᠡᠵᠦ ᠰᠡᠢᠤᠡᠴᠡᠬᠡᠵᠡᠢ᠃ ᠲᠣᠮᠣ ᠠᠬ᠎ᠠ ᠨᠢ᠄《 ᠬᠤᠯᠠᠭᠠᠢᠴᠢ ᠠᠪᠴᠤ ᠶᠠᠪᠤᠭᠰᠠᠨ ᠪᠠᠢᠨ᠎ᠠ》ᠭᠡᠪᠡᠯ᠂ ᠳᠤᠮᠳᠠ ᠠᠬ᠎ᠠ ᠨᠢ᠄《 ᠬᠦᠨᠡᠰᠦᠨ ᠳ᠋ᠦ᠍ ᠬᠡᠷᠡᠭᠯᠡᠴᠢᠬᠡᠵᠡᠢ》ᠭᠡᠮᠡᠨ ᠳᠠᠭᠠᠴᠢᠬᠠᠪᠠ᠃ ᠬᠠᠷᠢᠨ ᠤᠳᠬᠤᠨ ᠳᠡᠭᠦᠦ ᠨᠢ᠄《 ᠰᠢᠷᠨᠢᠨ ᠭᠡᠳᠡᠭ ᠬᠥᠮᠦᠨ ᠠᠪᠤᠭᠰᠠᠨ ᠪᠠᠢᠨ᠎ᠠ》ᠭᠡᠵᠦ ᠳᠠᠭᠠᠯ᠎ᠠ᠃ ᠲᠡᠭᠡᠭᠡᠳ ᠰᠢᠷᠨᠢᠨ ᠦ᠌ ᠳ᠋ᠦ᠍ ᠣᠴᠢᠵᠤ ᠦᠨᠢᠶ᠎ᠡ ᠪᠡᠨ ᠨᠡᠬᠡᠵᠦ ᠭᠡᠨ᠎ᠡ᠃ ᠥᠨᠥᠬᠢ ᠰᠢᠷᠨᠢᠨ᠄《 ᠪᠢ᠂ ᠪᠢ ᠠᠪᠤᠭ᠎ᠠ ᠦᠭᠡᠢ》ᠭᠡᠵᠦ ᠮᠡᠯᠵᠢᠵᠡᠢ᠃
    ᠲᠡᠭᠡᠬᠦ ᠪᠡᠷ ᠨᠢ ᠴᠣᠭᠲᠤ ᠠᠷᠰᠯᠠᠨ ᠬᠠᠭᠠᠨ  ᠤ᠋ ᠳ᠋ᠤ᠌ ᠭᠤᠷᠪᠠᠭᠤᠯᠠ ᠪᠠᠨ ᠣᠴᠢᠵᠤ
ᠮᠡᠳᠡᠭᠦᠯᠪᠡ᠃《 ᠲᠠ ᠭᠤᠷᠪᠠ ᠲᠡᠭᠦᠨ ᠢ᠋ ᠢᠳᠡᠭᠰᠡᠨ ᠭᠡᠵᠦ ᠬᠡᠷᠬᠢᠨ ᠮᠡᠳᠡᠭᠰᠡᠨ ᠪᠢᠯᠡ?》ᠭᠡᠵᠦ ᠬᠠᠭᠠᠨ ᠠᠰᠠᠭᠤᠪᠠ᠃《 ᠪᠢᠳᠡ ᠭᠤᠷᠪᠠ ᠳᠠᠭᠠᠵᠤ ᠮᠡᠳᠡᠭᠰᠡᠨ》ᠭᠡᠮᠡᠨ ᠬᠠᠷᠢᠭᠤᠯᠤᠯ᠎ᠠ᠃《ᠬᠡᠩ᠂ ᠲᠠ ᠭᠤᠷᠪᠠ ᠲᠡᠢᠮᠦ ᠰᠦᠷᠡᠬᠡᠢ ᠳᠠᠭᠠᠵᠤ ᠮᠡᠳᠡᠳᠡᠭ ᠶᠦᠮ ᠪᠣᠯ ᠪᠢ ᠶᠠᠭᠤᠮ᠎ᠠ ᠲᠠᠭᠠᠯᠭᠠᠵᠤ ᠰᠣᠷᠢᠵᠤ ᠦᠵᠡᠨ᠎ᠡ ᠬᠦ᠂ ᠠᠯᠢᠪ ᠲᠤᠷ ᠭᠠᠷᠴᠠᠭᠠᠴᠤ ᠪᠠᠢ》ᠭᠡᠳ ᠬᠣᠶᠠᠷ ᠭᠠᠩᠭᠠᠷ ᠱᠠᠭᠠᠵᠠᠩ ᠳ᠋ᠤ᠌ ᠠᠭᠠᠯᠵᠢ ᠬᠢᠭᠡᠳ ᠬᠥᠮᠥᠷᠢᠵᠦ ᠣᠷᠬᠢᠯ᠎ᠠ᠃《ᠵᠠ᠂ ᠲᠠ ᠭᠤᠷᠪᠠ ᠡᠭᠦᠨ ᠢ᠋ ᠳᠠᠭᠠᠴᠢᠬ᠎ᠠ》᠂ ᠲᠣᠮᠣ ᠠᠬ᠎ᠠ ᠨᠢ᠄《ᠠᠷᠵᠠᠢᠭ᠍ᠰᠠᠨ ᠠᠷᠵᠠᠢᠭ᠍ᠰᠠᠨ   ᠶᠠᠭᠤᠮ᠎ᠠ ᠪᠠᠢᠨ᠎ᠠ》ᠭᠡᠵᠡᠢ᠂ ᠬᠠᠷᠢᠨ ᠳᠤᠮᠳᠠ ᠠᠬ᠎ᠠ ᠨᠢ《 ᠠᠮᠢᠲᠠᠢ ᠭᠣᠣᠯᠲᠠᠢ ᠯᠠ ᠶᠠᠭᠤᠮ᠎ᠠ ᠪᠠᠢᠨ᠎ᠠ ᠳᠠ》ᠭᠡᠳ ᠬᠣᠢᠰᠢ ᠪᠠᠨ ᠤᠬᠤᠷᠢᠯ᠎ᠠ᠂《ᠠᠷᠵᠠᠢᠭ᠍ᠰᠠᠨ ᠠᠷᠵᠠᠢᠭ᠍ᠰᠠᠨ   ᠪᠣᠯᠤᠭᠠᠳ᠂ ᠠᠮᠢᠲᠠᠢ ᠭᠣᠣᠯᠲᠠᠢ ᠶᠠᠭᠤᠮ᠎ᠠ ᠪᠣᠯ ᠠᠭᠠᠯᠵᠢ ᠯᠠ ᠪᠠᠢᠨ᠎ᠠ ᠳᠠ》ᠭᠡᠮᠡᠨ ᠤᠳᠬᠤᠨ ᠳᠡᠭᠦᠦ ᠨᠢ ᠳᠠᠭᠠᠵᠠᠢ᠃ ᠭᠡᠲᠡᠯ᠎ᠡ ᠬᠠᠭᠠᠨ᠄《 ᠲᠠ ᠭᠤᠷᠪᠠ ᠭᠠᠷᠴᠤ ᠪᠠᠢ》 ᠭᠡᠳ ᠨᠥᠭᠦᠭᠡ ᠬᠣᠶᠠᠷ ᠱᠠᠭᠠᠵᠠᠩ ᠠᠶᠠᠭᠠᠨ ᠳ᠋ᠤ᠌ ᠪᠠᠨ ᠴᠢᠪᠠᠭ᠎ᠠ ᠬᠢᠭᠡᠳ ᠬᠥᠮᠥᠷᠢᠵᠦ ᠲᠠᠯᠪᠢᠯ᠎ᠠ᠃《 ᠵᠠ᠂ ᠲᠠ ᠭᠤᠷᠪᠠ ᠡᠭᠦᠨ ᠢ᠋ ᠳᠠᠭᠠᠭᠠᠷᠠᠢ!》᠂《ᠤᠯᠠᠭᠠᠨ ᠥᠩᠭᠡᠲᠡᠢ ᠶᠠᠭᠤᠮ᠎ᠠ ᠪᠠᠢᠨ᠎ᠠ》ᠭᠡᠵᠦ ᠲᠣᠮᠣ ᠠᠬ᠎ᠠ ᠨᠢ ᠬᠡᠯᠡᠪᠡ᠂《 ᠭᠣᠣᠯ ᠳ᠋ᠤ᠌ ᠪᠠᠨ ᠶᠠᠰᠤ ᠲᠠᠢ ᠶᠤᠮ ᠤᠤ ᠳᠠ》 ᠭᠡᠵᠦ ᠳᠤᠮᠳᠠ ᠠᠬ᠎ᠠ ᠨᠢ ᠳᠠᠭᠠᠯ᠎ᠠ᠂《 ᠤᠯᠠᠭᠠᠨ ᠪᠣᠯᠤᠭᠠᠳ ᠭᠣᠣᠯ ᠳ᠋ᠤ᠌ ᠪᠠᠨ ᠶᠠᠰᠤ ᠲᠠᠢ ᠪᠣᠯ ᠴᠢᠪᠠᠭ᠎ᠠ ᠯᠠ ᠪᠢᠵᠡ》ᠭᠡᠳ ᠣᠳᠬᠣᠨ ᠳᠡᠭᠦᠦ ᠨᠢ ᠬᠡᠨᠡᠭ ᠦᠭᠡᠢ ᠬᠠᠷᠢᠭᠤᠯᠪᠠ᠃《 ᠬᠠ ᠁ ᠲᠠ ᠭᠤᠷᠪᠠ ᠦᠨᠡᠬᠡᠷ ᠮᠡᠷᠭᠡᠨ ᠶᠦ᠍ᠮ᠂ ᠪᠦᠭᠦᠳᠡ ᠵᠥᠪ ᠳᠠᠭᠠᠯ᠎ᠠ ᠰᠢᠦ ᠳᠡ! ᠰᠢᠷᠨᠢᠨ ᠠ᠋᠂ ᠴᠢ ᠲᠡᠷᠡ ᠦᠨᠢᠶ᠎ᠡ ᠶ᠋ᠢ ᠲᠥᠯᠥᠵᠦ ᠥᠭ》ᠭᠡᠵᠦ ᠬᠠᠭᠠᠨ ᠵᠠᠷᠯᠢᠭ ᠪᠠᠭᠤᠯᠭᠠᠪᠠ᠃ ᠢᠩᠭᠢᠭᠡᠳ ᠭᠤᠷᠪᠠᠨ ᠳᠠᠭᠠᠳᠠᠭ ᠦᠨᠢᠶ᠎ᠡ ᠪᠡᠨ ᠲᠥᠯᠥᠭᠦᠯᠵᠦ ᠠᠪᠤᠭᠠᠳ ᠭᠡᠷ ᠲᠦ᠍ ᠪᠡᠨ ᠬᠠᠷᠢᠵᠠᠢ᠃
    ᠡᠢᠨ ᠬᠦ᠌ ᠣᠨ ᠴᠠᠭ ᠤᠯᠠᠷᠢᠨ ᠥᠩᠭᠡᠷᠡᠵᠦ ᠬᠠᠭᠠᠨ ᠨᠠᠰᠤᠨ ᠡᠴᠦᠰᠯᠡᠬᠦ ᠴᠠᠭ ᠨᠢ ᠪᠣᠯᠵᠤ ᠡᠢᠨ ᠵᠠᠷᠯᠢᠭᠳᠠᠵᠠᠢ ᠭᠡᠨ᠎ᠡ《ᠮᠢᠨᠦ ᠠᠯᠪᠠᠲᠤ ᠨᠠᠷ ᠲᠤ᠌ ᠭᠤᠷᠪᠠᠨ ᠮᠡᠷᠭᠡᠨ ᠬᠦᠦ ᠪᠣᠢ᠂ ᠲᠡᠳᠡᠨ ᠦ᠌ ᠤᠳᠬᠤᠨ ᠳᠡᠭᠦᠦ ᠪᠡᠷ ᠨᠢ ᠬᠠᠭᠠᠨ ᠰᠠᠭᠤᠯᠭᠠᠭᠠᠷᠠᠢ᠃ ᠬᠣᠶᠠᠷ ᠠᠬ᠎ᠠ ᠶ᠋ᠢ ᠨᠢ ᠲᠦᠰᠢᠮᠡᠯ ᠨᠣᠶᠠᠨ ᠪᠣᠯᠭᠠᠭᠠᠷᠠᠢ!》 ᠭᠡᠵᠦ ᠵᠠᠬᠢᠶᠠᠰᠤ ᠵᠠᠷᠯᠢᠭ ᠢ᠋ᠶ᠋ᠠᠨ ᠬᠡᠯᠡᠭᠡᠳ ᠨᠠᠰᠤᠨ ᠡᠴᠦᠰᠯᠡᠵᠡᠢ ᠭᠡᠨ᠎ᠡ᠃ ᠢᠩᠭᠢᠭᠡᠳ ᠠᠬ᠎ᠠ ᠳᠡᠭᠦᠦ ᠭᠤᠷᠪᠠᠨ ᠳᠠᠭᠠᠳᠠᠭ ᠬᠠᠭᠠᠨ ᠰᠢᠷᠡᠭᠡᠨ ᠳ᠋ᠦ᠍ ᠰᠠᠭᠤᠭᠠᠳ ᠠᠮᠤᠷ ᠰᠠᠢᠬᠠᠨ ᠵᠢᠷᠭᠠᠵᠠᠢ᠃

   ᠦᠰᠦᠭ ᠠᠮᠢᠯᠠᠭᠤᠯᠤᠡᠠᠴᠢ᠄ ᠲᠦᠮᠡᠡᠴᠡᠴᠡᠭ
   ᠦᠰᠦᠭ ᠬᠠᠳᠠᠡᠠᠴᠢ᠄ ᠲᠦᠮᠡᠠᠴᠡᠴᠡᠭ 
   ᠬᠢᠨᠠᠡᠠᠴᠢ᠄  ᠢᠷᠡᠭᠡᠳᠦᠢ᠂ ᠰᠡᠷᠭᠦᠯᠡᠩ