ᠳᠠᠭᠤᠤ ᠶ᠋ᠢᠨ ᠵᠣᠷᠢᠭДуугийн зориг-ᠣᠷᠳᠣᠰ ᠠᠷᠠᠳ ᠤᠨ ᠳᠠᠭᠤᠤ23
ᠳᠠᠭᠤᠤ ᠶ᠋ᠢᠨ ᠵᠣᠷᠢᠭ
ᠪᠠᠰᠮᠠᠨ ᠲᠡᠭᠷᠢ ᠶ᠋ᠢᠨ ᠬᠡᠰᠢᠭ ᠪᠠᠢᠨ᠎ᠠ
ᠪᠡᠷᠬᠡᠲᠦ ᠶᠠᠮᠠᠨᠳᠠᠭ ᠤ᠋ᠨ ᠷᠠᠰᠢᠶᠠᠨ ᠪᠠᠢᠨ᠎ᠠ
ᠪᠡᠢᠯᠡ ᠪᠡᠢᠰᠡ ᠶ᠋ᠢᠨ ᠠᠬ᠎ᠠ ᠨᠠᠷ ᠲᠠᠨ ᠳ᠋ᠠᠭᠠᠨ
ᠪᠡᠯᠡᠭᠯᠡᠭᠦᠯᠵᠦ ᠪᠠᠷᠢᠬᠤ ᠶ᠋ᠢᠨ ᠵᠣᠷᠢᠭ ᠪᠠᠢᠨ᠎ᠠ
ᠡᠵᠡᠨ ᠲᠡᠭᠷᠢ ᠶ᠋ᠢᠨ ᠬᠡᠰᠢᠭ ᠪᠠᠢᠨ᠎ᠠ
ᠡᠷᠬᠡᠲᠦ ᠶᠠᠮᠠᠨᠳᠠᠭ ᠤ᠋ᠨ ᠷᠠᠰᠢᠶᠠᠨ ᠪᠠᠢᠨ᠎ᠠ
ᠡᠵᠡᠳ ᠨᠣᠶᠠᠳ ᠠᠬ᠎ᠠ ᠨᠠᠷ ᠲᠠᠨ ᠳ᠋ᠠᠭᠠᠨ
ᠢᠳᠡᠭᠡᠰᠢᠭᠦᠯᠵᠦ ᠪᠠᠷᠢᠬᠤ ᠶ᠋ᠢᠨ ᠵᠣᠷᠢᠭ ᠪᠠᠢᠨ᠎ᠠ
ᠬᠠᠨ ᠲᠡᠭᠷᠢ ᠶ᠋ᠢᠨ ᠬᠡᠰᠢᠭ ᠪᠠᠢᠨ᠎ᠠ
ᠬᠠᠷᠠᠴᠤ ᠶᠠᠮᠠᠨᠳᠠᠭ ᠤ᠋ᠨ ᠷᠠᠰᠢᠶᠠᠨ ᠪᠠᠢᠨ᠎ᠠ
ᠬᠠᠨ ᠬᠠᠷᠠᠴᠤ ᠶ᠋ᠢᠨ ᠠᠬ᠎ᠠ ᠨᠠᠷ ᠲᠠᠨ ᠳ᠋ᠠᠭᠠᠨ
ᠬᠠᠨᠠᠷᠠᠭᠤᠯᠵᠤ ᠪᠠᠷᠢᠬᠤ ᠶ᠋ᠢᠨ ᠵᠣᠷᠢᠭ ᠪᠠᠢᠨ᠎ᠠ
ᠮᠢᠩᠭᠠᠨ ᠯᠠᠩ ᠦᠨᠡᠨ ᠲᠣᠪᠴᠢ
ᠮᠢᠨᠳᠠᠰᠤᠨ ᠶᠣ᠌ᠩᠬᠣᠷ ᠤ᠋ᠨ ᠡᠷᠴᠢᠮ ᠲᠣᠪᠴᠢ
ᠮᠡᠢᠷᠡᠨ ᠵᠠᠯᠠᠨ ᠠᠬ᠎ᠠ ᠨᠠᠷ ᠲᠠᠨ ᠳ᠋ᠠᠭᠠᠨ
ᠮᠡᠳᠡᠭᠦᠯᠵᠦ ᠪᠠᠷᠢᠬᠤ ᠶ᠋ᠢᠨ ᠵᠣᠷᠢᠭ ᠪᠠᠢᠨ᠎ᠠ
ᠵᠠᠭᠠᠨ ᠠᠷᠰᠯᠠᠨ ᠤ᠋ ᠬᠦᠴᠦᠨ ᠦ᠌ ᠲᠣᠪᠴᠢ
ᠵᠣᠯᠠᠨ ᠤ᠋ ᠭᠡᠷᠡᠯ ᠦ᠋ᠨ ᠲᠤᠩᠭᠠᠯᠠᠭ ᠲᠣᠪᠴᠢ
ᠵᠠᠩᠭᠢ ᠵᠠᠯᠠᠨ ᠠᠬ᠎ᠠ ᠨᠠᠷ ᠲᠠᠨ ᠳ᠋ᠠᠭᠠᠨ
ᠵᠠᠯᠭᠠᠮᠵᠢᠯᠠᠭᠤᠯᠵᠤ ᠪᠠᠷᠢᠬᠤ ᠶ᠋ᠢᠨ ᠵᠣᠷᠢᠭ ᠪᠠᠢᠨ᠎ᠠ
ᠲᠠᠩᠰᠤᠭ ᠲᠠᠪᠤᠨ ᠢᠳᠡᠭᠡᠨ ᠦ᠌ ᠳᠡᠭᠡᠵᠢ
ᠲᠠᠪᠤᠨ ᠬᠤᠷᠤᠭᠤ ᠪᠠᠷ ᠲᠠᠪᠠᠭᠯᠠᠭᠤᠯᠵᠤ ᠪᠠᠷᠢᠨ᠎ᠠ
ᠲᠠᠢᠵᠢ ᠨᠣᠶᠠᠨ ᠠᠬ᠎ᠠ ᠨᠠᠷ ᠲᠠᠨ ᠳ᠋ᠠᠭᠠᠨ
ᠠᠢᠯᠠᠳᠬᠠᠵᠤ ᠪᠠᠷᠢᠬᠤ ᠶ᠋ᠢᠨ ᠵᠣᠷᠢᠭ ᠪᠠᠢᠨ᠎ᠠ
ᠠᠷᠪᠠᠨ ᠬᠤᠷᠤᠭᠤ ᠮᠠᠨ ᠤ᠋ ᠪᠠᠢᠨ᠎ᠠ
ᠠᠮᠲᠠᠲᠤ ᠢᠳᠡᠭᠡᠨ ᠲᠠᠨ ᠤ᠋ ᠪᠠᠢᠨ᠎ᠠ
ᠠᠬ᠎ᠠ ᠶᠡᠬᠡᠰ ᠠᠮᠪᠠᠨ ᠲᠠᠨ ᠳ᠋ᠠᠭᠠᠨ
ᠠᠢᠯᠠᠳᠬᠠᠵᠤ ᠪᠠᠷᠢᠬᠤ ᠶ᠋ᠢᠨ ᠵᠣᠷᠢᠭ ᠪᠠᠢᠨ᠎ᠠ
