ᠲᠠᠯ᠎ᠠ ᠨᠤᠲᠤᠭ - ᠴᠢᠩᠭᠢᠰ ᠬᠠᠭᠠᠨ ᠲᠧᠯᠸᠢᠰ ᠵᠦᠴᠦᠭᠡ ᠶ᠋ᠢᠨ ᠳᠠᠭᠤᠤ- ᠲᠩᠷᠢТал нутаг-Чингис хаан телевиз жүжигийн дуу-тэнгэр
ᠲᠠᠯ᠎ᠠ ᠨᠤᠲᠤᠭ
( ᠨᠠᠢᠷᠠᠯ ᠳᠠᠭᠤᠤ)
《 ᠴᠢᠩᠭᠢᠰ ᠬᠠᠭᠠᠨ 》 ᠲᠧᠯᠸᠢᠰ ᠵᠦᠴᠦᠭᠡ ᠶ᠋ᠢᠨ ᠵᠠᠪᠰᠠᠷ ᠤ᠋ᠨ ᠳᠠᠭᠤᠤ
ᠦᠭᠡ᠄ ᠴᠢᠦᠢ ᠶᠤᠸᠠᠨ ( ᡀᠠᠰᠦ᠋ᠷᠦᠩ ᠮᠣᠩᠭᠣᠯᠴᠢᠯᠠᠪᠠ)
ᠠᠶ᠎ᠠ᠄ ᠵᠠᠩ ᠴᠢᠶᠠᠨ ᠢ (《 ᠬᠠᠩᠭᠠᠢ ᠶ᠋ᠢᠨ ᠳᠠᠭᠤᠤ 》 ᠶ᠋ᠢ ᠥᠭᠡᠷᠡᠴᠢᠯᠡᠨ ᠵᠣᠬᠢᠶᠠᠪᠠ)
ᠳᠠᠭᠠᠭᠤᠯᠤᠨ ᠳᠠᠭᠤᠯᠠᠭᠰᠠᠨ ᠨᠢ᠄ ᠲᠩᠷᠢ
ᠭᠠᠵᠠᠷ ᠳᠡᠯᠡᠬᠡᠢ ᠶ᠋ᠢ ᠳᠣᠩᠰᠣᠯᠭᠠᠭᠰᠠᠨ ᠠᠯᠳᠠᠷ ᠲᠠᠢ
ᠭᠠᠩ ᠲᠤᠭᠤᠷᠠᠢᠲᠤ ᠬᠦᠯᠦᠭ ᠮᠣᠷᠢᠳ ᠮᠢᠨᠢ
ᠭᠠᠯᠪᠠ ᠳ᠋ᠤ᠌ ᠬᠣᠣᠰ ᠦᠭᠡᠢ ᠠᠯᠳᠠᠷ ᠲᠠᠢ
ᠭᠠᠷᠮᠠᠭᠠᠢ ᠪᠠᠭᠠᠲᠤᠷ ᠤ᠋ᠳ ᠮᠢᠨᠢ
ᠨᠠᠴᠢᠨ ᠱᠣᠩᠬᠣᠷ ᠰᠢᠪᠠᠭᠤᠨ ᠤ᠋ ᠳᠠᠪᠢᠯᠲᠠ ᠪᠠᠷ
ᠬᠠᠯᠢᠨ ᠳᠡᠭᠦᠯᠢᠨ ᠠᠢᠰᠤᠢ ᠯᠠ ᠪᠠᠢᠨ᠎ᠠ
ᠥᠯᠥᠭᠡᠢ ᠮᠢᠨᠢ ᠨᠤᠲᠤᠭ ᠮᠢᠨᠢ
ᠥᠩᠰᠢᠭ ᠰᠠᠢᠬᠠᠨ ᠪᠡᠯᠴᠢᠭᠡᠷ ᠲᠡᠢ
ᠥᠷᠭᠡᠨ ᠶᠡᠬᠡ ᠲᠠᠯ᠎ᠠ ᠨᠤᠲᠤᠭ ᠮᠢᠨᠢ
ᠤᠭᠤᠷᠠᠭ ᠴᠠᠭᠠᠨ ᠡᠭᠦᠯᠡ ᠨᠢ ᠬᠥᠪᠥᠷᠡᠭᠡᠳ
ᠤᠰᠤᠨ ᠤ᠋ ᠲᠤᠩᠭᠠᠯᠠᠭ ᠠᠭᠤᠯᠠ ᠶ᠋ᠢ ᠰᠡᠭᠦᠳᠡᠷᠯᠡᠭᠡᠳ
ᠤᠷᠤᠰᠬᠠᠯ ᠲᠦᠷᠭᠡᠨ ᠭᠣᠣᠯ ᠮᠥᠷᠡᠨ ᠨᠦ᠍ᠭᠦᠳ
ᠡᠬᠡ ᠶ᠋ᠢᠨ ᠰᠥ ᠰᠢᠭ ᠡᠷᠳᠡᠨᠢ ᠶ᠋ᠢᠨ ᠷᠠᠰᠢᠶᠠᠨ ᠡᠷᠳᠡᠨᠢ ᠶ᠋ᠢᠨ ᠷᠠᠰᠢᠶᠠᠨ
ᠤᠷᠲᠤ ᠶ᠋ᠢᠨ ᠳᠠᠭᠤᠤ ᠰᠢᠭ᠋ ᠰᠠᠯᠬᠢᠨ ᠤ᠋ ᠢᠰᠬᠡᠷᠦᠭᠡ
ᠤᠷᠠᠨ ᠭᠣᠶᠣᠬᠠᠨ ᠲᠠᠯ᠎ᠠ ᠶ᠋ᠢᠨ ᠵᠡᠷᠭᠡᠯᠭᠡᠨ
ᠤᠷᠭᠤᠮᠠᠯ ᠴᠡᠴᠡᠭ ᠳᠡᠯᠭᠡᠷᠡᠭᠰᠡᠨ ᠠᠭᠤᠳᠠᠮ ᠲᠠᠯ᠎ᠠ ᠳ᠋ᠤ᠌ ᠮᠢᠨᠢ
ᠲᠠᠪᠤᠨ ᠡᠷᠳᠡᠨᠢ ᠶ᠋ᠢᠨ ᠮᠠᠯ ᠰᠦᠷᠦᠭ ᠳᠠᠷᠬᠠᠨ ᠪᠡᠯᠴᠢᠨ᠎ᠡ
ᠲᠠᠯ᠎ᠠ ᠮᠢᠨᠢ ᠨᠤᠲᠤᠭ ᠮᠢᠨᠢ
ᠮᠣᠷᠢᠨ ᠬᠤᠭᠤᠷ ᠤ᠋ᠨ ᠡᠬᠡᠰᠢᠭ ᠲᠡᠢ
ᠮᠣᠷᠢᠲᠠᠨ ᠪᠠᠭᠠᠲᠤᠷ ᠤ᠋ᠨ ᠳᠠᠭᠤᠨ ᠳ᠋ᠤ᠌ ᠰᠢᠩᠭᠡᠭᠡᠷᠡᠢ
ᠥᠨᠢᠳᠡ ᠪᠡᠨ ᠰᠢᠩᠭᠡᠭᠡᠷᠡᠢ
ᠭᠠᠯᠪᠠ ᠳᠡᠯᠡᠬᠡᠢ ᠶᠢᠷᠲᠢᠨᠴᠦ ᠶ᠋ᠢᠨ ᠠᠮᠢᠲᠠᠨ ᠪᠦᠬᠦᠨ ᠢ᠋
ᠰᠠᠨᠰᠠᠷ ᠬᠣᠷᠸ᠎ᠠ ᠶ᠋ᠢᠨ ᠰᠠᠷᠠᠨ ᠨᠠᠷᠠᠨ ᠭᠡᠢᠭᠦᠯᠦᠨ᠎ᠡ
ᠰᠠᠢᠬᠠᠨ ᠰᠡᠳᠬᠢᠯᠲᠦ ᠠᠷᠠᠳ ᠤ᠋ᠨ ᠵᠠᠶᠠᠭ᠎ᠠ ᠲᠠᠪᠢᠯᠠᠩ
ᠰᠠᠷᠠᠭᠤᠯ ᠣᠷᠴᠢᠯᠠᠩ ᠳ᠋ᠤ᠌ ᠬᠡᠪ ᠢ᠋ᠶ᠋ᠡᠷ ᠢ᠋ᠶ᠋ᠡᠨ ᠪᠠᠢᠭ ᠬᠡᠪ ᠢ᠋ᠶ᠋ᠡᠷ ᠢ᠋ᠶ᠋ᠡᠨ ᠪᠠᠢᠭ ᠠ᠋
ᠣᠯᠠᠨ ᠵᠠᠭᠤᠨ ᠤ᠋ ᠨᠠᠮᠤᠷ ᠤᠯᠠᠷᠢᠨ ᠥᠩᠭᠡᠷᠡᠭᠡᠳ
ᠠᠮᠢᠲᠠᠨ ᠨᠣᠭᠣᠭ᠎ᠠ ᠬᠠᠮᠤᠭ ᠪᠣᠳᠠᠰ ᠠᠮᠢᠯᠠᠨ ᠰᠡᠷᠭᠦᠨ᠎ᠡ
ᠬᠠᠯᠠᠭᠤᠨ ᠰᠡᠳᠬᠢᠯᠲᠦ ᠠᠷᠠᠳ ᠤ᠋ᠨ ᠠᠤᠭ᠎ᠠ ᠬᠦᠰᠡᠯᠡᠩ
ᠥᠷᠭᠡᠨ ᠲᠠᠯ᠎ᠠ ᠰᠢᠭ᠋ ᠠᠭᠤᠳᠠᠮ ᠪᠠᠢᠭ ᠠᠭᠤᠳᠠᠮ ᠪᠠᠢᠭ ᠠ᠋
ᠥᠯᠥᠭᠡᠢ ᠨᠤᠲᠤᠭ ᠮᠢᠨᠢ ᠥᠷᠭᠡᠨ ᠲᠠᠯ᠎ᠠ ᠮᠢᠨᠢ
ᠦᠶ᠎ᠡ ᠶ᠋ᠢᠨ ᠦᠶ᠎ᠡ ᠪᠡᠷ ᠥᠷᠭᠡᠨ ᠲᠠᠯ᠎ᠠ ᠳ᠋ᠠᠭᠠᠨ ᠠᠮᠢᠳᠤᠷᠠᠨ ᠵᠢᠷᠭᠠᠨ᠎ᠠ
ᠦᠶ᠎ᠡ ᠶ᠋ᠢᠨ ᠦᠶ᠎ᠡ ᠪᠡᠷ ᠥᠷᠭᠡᠨ ᠲᠠᠯ᠎ᠠ ᠳ᠋ᠠᠭᠠᠨ ᠠᠮᠢᠳᠤᠷᠠᠨ ᠵᠢᠷᠭᠠᠨ᠎ᠠ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠦᠰᠦᠭ ᠬᠢᠨᠠᠭ᠍ᠴᠢ᠄ ᠣᠳᠬᠠᠨᠰᠸ᠎ᠠ᠂ ᠳᠡᠭᠵᠢᠨ᠂ ᠠᠵᠠᠵᠠᠶᠠᠭ᠎ᠠ
