ᠠᠷᠭᠠᠯᠢ ᠬᠣᠨᠢᠨ ᠦ ᠲᠤᠬᠠᠢ ᠰᠣᠨᠢᠷᠬᠠᠯᠲᠠᠢ ᠪᠠᠷᠢᠮᠲᠠ ᠨᠤᠭᠤᠳАргаль хониний тухай сонирхолтой баримтууд ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠭᠠᠯᠢ ᠬᠣᠨᠢᠨ ᠦ ᠲᠤᠬᠠᠢ ᠰᠣᠨᠢᠷᠬᠠᠯᠲᠠᠢ ᠪᠠᠷᠢᠮᠲᠠ ᠨᠤᠭᠤᠳАргаль хониний тухай сонирхолтой баримтууд

ᠠᠷᠭᠠᠯᠢ ᠬᠣᠨᠢᠨ ᠦ ᠲᠤᠬᠠᠢ ᠰᠣᠨᠢᠷᠬᠠᠯᠲᠠᠢ ᠪᠠᠷᠢᠮᠲᠠ ᠨᠤᠭᠤᠳАргаль хониний тухай сонирхолтой баримтууд

2024-08-04

600

ᠠᠷᠭᠠᠯᠢ ᠬᠣᠨᠢᠨ ᠦ ᠲᠤᠬᠠᠢ ᠰᠣᠨᠢᠷᠬᠠᠯᠲᠠᠢ ᠪᠠᠷᠢᠮᠲᠠ ᠨᠤᠭᠤᠳ

    ᠮᠣᠩᠭᠣᠯ ᠣᠷᠣᠨ ᠤ᠋ ᠴᠢᠮᠡᠭ ᠪᠣᠯᠤᠭᠰᠠᠨ ᠰᠦᠷ ᠵᠢᠪᠬᠤᠯᠠᠩ ᠲᠠᠢ ᠰᠠᠢᠬᠠᠨ ᠠᠮᠢᠲᠠᠳ ᠤ᠋ᠨ ᠨᠢᠭᠡ ᠪᠣᠯᠬᠤ ᠠᠷᠭᠠᠯᠢ ᠬᠣᠨᠢ ᠂ᠡᠷ᠎ᠡ ᠶ᠋ᠢ ᠨᠢ ᠤᠭᠠᠯᠵᠠ ᠡᠮ᠎ᠡ ᠶ᠋ᠢ ᠨᠢ ᠬᠣᠨᠢ ᠦᠷ᠎ᠡ ᠲᠥᠯ ᠢ᠋ ᠨᠢ ᠬᠤᠷᠠᠭ᠎ᠠ ᠭᠡᠳᠡᠭ ᠂ ᠤᠭ ᠠᠮᠢᠲᠠᠨ ᠨᠢ ᠳᠤᠮᠳᠠᠴᠢ ᠪᠠᠷ ᠠᠷᠪᠠ ᠠ᠋ᠴᠠ ᠠᠷᠪᠠᠨ ᠲᠠᠪᠤᠨ ᠨᠠᠰᠤᠯᠠᠳᠠᠭ ᠪᠠ ᠵᠥᠪᠬᠡᠨ ᠳᠠᠰᠤᠭᠰᠠᠨ ᠭᠠᠵᠠᠷ ᠤ᠋ᠨ ᠢ᠋ᠶ᠋ᠠᠨ ᠡᠪᠡᠰᠦ ᠤᠷᠭᠤᠮᠠᠯ ᠢ᠋ᠶ᠋ᠠᠷ ᠬᠣᠭᠣᠯᠠᠯᠠᠳᠠᠭ ᠃ ᠬᠤᠷᠳᠤ ᠬᠦᠴᠦ ᠲᠡᠢ ᠬᠦᠳᠡᠷ ᠴᠢᠬᠢᠷᠡᠭ ᠂ ᠨᠢᠭᠡ ᠮᠧᠲ᠋ᠷ ᠳᠥᠴᠢᠨ ᠳᠥᠴᠢᠨ ᠰᠡᠨᠲ᠋ᠢᠮᠧᠲ᠋ᠷ ᠡᠴᠡ ᠨᠢᠭᠡ ᠮᠧᠲ᠋ᠷ ᠲᠠᠪᠢᠨ ᠰᠡᠨᠲ᠋ᠢᠮᠧᠲ᠋ᠷ ᠬᠦᠷᠲᠡᠯᠡᠬᠢ  ᠪᠡᠶ᠎ᠡ ᠶ᠋ᠢᠨ ᠤᠷᠲᠤ ᠲᠠᠢ ᠤᠭ ᠠᠮᠢᠲᠠᠨ  ᠨᠠᠰᠤ ᠨᠡᠮᠡᠬᠦ ᠪᠦᠷᠢ ᠳ᠋ᠦ᠍ ᠨᠢᠷᠤᠭᠤᠨ ᠤ᠋ ᠬᠢ ᠦᠰᠦ ᠨᠢ ᠪᠤᠭᠤᠷᠤᠯᠲᠤᠵᠤ ᠲᠣᠳᠣ ᠴᠠᠭᠠᠨ ᠥᠩᠭᠡ ᠲᠡᠢ ᠪᠣᠯᠳᠠᠭ ᠂ ᠤᠭᠠᠯᠵᠠ ᠨᠤᠭᠤᠳ ᠡᠪᠡᠷ ᠢ᠋ᠶ᠋ᠡᠷ ᠢ᠋ᠶ᠋ᠡᠨ ᠮᠥᠷᠭᠥᠯᠳᠦᠨ ᠬᠦᠴᠦ ᠪᠡᠨ ᠦᠵᠡᠵᠦ ᠂ ᠥᠪᠡᠷᠰᠡᠳ ᠦ᠋ᠨ ᠪᠢᠷ᠎ᠠ ᠴᠢᠳᠠᠯ ᠢ᠋ ᠪᠤᠰᠤᠳ ᠲᠤ᠌ ᠪᠠᠨ ᠬᠠᠷᠠᠭᠤᠯᠳᠠᠭ ᠂ᠡᠨᠡ ᠨᠢ ᠠᠯᠢ ᠬᠦᠴᠦᠲᠡᠢ ᠨᠢ ᠪᠡᠶ᠎ᠡ ᠭᠦᠢᠴᠡᠭᠰᠡᠨ ᠤᠭᠠᠯᠵᠠ ᠪᠣᠯᠵᠤ ᠥᠪᠡᠷ ᠦ᠋ᠨ ᠦᠷ᠎ᠡ ᠲᠥᠯ ᠢ᠋ ᠦᠯᠡᠳᠡᠭᠡᠬᠦ ᠪᠠᠢᠭᠠᠯᠢ ᠶ᠋ᠢᠨ ᠵᠣᠬᠢᠯᠳᠤᠯᠭ᠎ᠠ ᠶᠤᠮ ᠂ ᠠᠷᠭᠠᠯᠢ ᠬᠣᠨᠢ ᠠᠶᠤᠯ ᠠ᠋ᠴᠠ ᠵᠢᠭᠤᠲᠠᠬᠤ ᠳ᠋ᠤ᠌ ᠪᠠᠨ ᠪᠠᠷᠲᠠᠭ᠎ᠠ ᠰᠠᠭᠠᠳ ᠶᠡᠬᠡᠲᠡᠢ ᠂ ᠥᠨᠳᠥᠷ ᠠᠭᠤᠯᠠ ᠶ᠋ᠢᠨ ᠣᠷᠭᠢᠯ ᠥᠭᠡᠳᠡ ᠮᠠᠴᠤᠳᠠᠭ ᠨᠢ ᠲᠡᠭᠦᠨ ᠢ᠋ ᠶᠡᠬᠡ ᠳᠠᠢᠴᠢᠨ ᠠᠮᠢᠲᠠᠨ ᠭᠡᠳᠡᠭ ᠢ᠋ ᠢᠯᠡᠳᠬᠡᠨ᠎ᠡ᠂ ᠵᠡᠷᠯᠢᠭ ᠬᠣᠨᠢ ᠪᠣᠯᠬᠤ ᠠᠷᠭᠠᠯᠢ ᠨᠢ ᠬᠠᠳᠠᠨ ᠤ᠋ ᠵᠢᠷᠤᠭ ᠳᠡᠭᠡᠷ᠎ᠡ ᠳᠦᠷᠰᠦᠯᠡᠭᠳᠡᠨ ᠦᠯᠡᠳᠡᠭᠰᠡᠨ ᠪᠠᠢᠳᠠᠭ᠂ ᠳᠡᠯᠡᠬᠡᠢ ᠨᠡᠢᠲᠡ ᠳ᠋ᠦ᠍ ᠠᠷᠭᠠᠯᠢ ᠬᠡᠮᠡᠬᠦ ᠮᠣᠩᠭᠣᠯ ᠨᠡᠷ᠎ᠡ ᠪᠡᠷ ᠪᠦᠷᠢᠳᠬᠡᠭᠳᠡᠵᠦ ᠂ ᠲᠡᠭᠦᠨᠴᠢᠯᠡᠨ ᠣᠯᠠᠨ ᠲᠥᠷᠥᠯ ᠵᠦᠢᠯ ᠦ᠋ᠨ ᠬᠣᠨᠢ ᠨᠤᠭᠤᠳ ᠤ᠋ᠨ ᠬᠠᠭᠠᠨ ᠢ᠋ᠶ᠋ᠠᠷ ᠡᠷᠭᠦᠮᠵᠢᠯᠡᠭᠳᠡᠭᠰᠡᠨ ᠂ ᠤᠭ ᠠᠮᠢᠲᠠᠨ ᠨᠢ ᠰᠦᠷᠦᠭ ᠢ᠋ᠶ᠋ᠡᠷ ᠠᠮᠢᠳᠤᠷᠠᠳᠠᠭ ᠂ ᠦᠷᠡᠵᠢᠯ ᠦ᠋ᠨ ᠦᠶ᠎ᠡ ᠳ᠋ᠦ᠍ ᠪᠡᠨ ᠣᠯᠠᠨ ᠢ᠋ᠶ᠋ᠠᠷ ᠨᠢᠭᠡ ᠳᠣᠣᠷ᠎ᠠ ᠴᠤᠭᠯᠠᠷᠠᠳᠠᠭ  ᠨᠢ ᠨᠢᠭᠡᠨ ᠭᠠᠢᠬᠠᠮᠰᠢᠭᠲᠤ ᠦᠵᠡᠭᠳᠡᠯ ᠶᠦ᠍ᠮ᠂ ᠲᠡᠭᠦᠨᠴᠢᠯᠡᠨ ᠬᠡᠭᠡᠯᠲᠦᠭᠰᠡᠨ ᠠᠷᠭᠠᠯᠢ ᠲᠥᠯᠯᠡᠬᠦ ᠦᠶ᠎ᠡ ᠳ᠋ᠦ᠍ ᠪᠡᠨ ᠠᠯᠢ ᠪᠣᠯᠬᠤ ᠪᠤᠰᠤᠳ ᠠ᠋ᠴᠠ ᠪᠠᠨ ᠵᠢᠭᠤᠲᠠᠭᠠᠵᠤ ᠭᠠᠭᠴᠠ ᠪᠠᠷ ᠢ᠋ᠶ᠋ᠠᠨ ᠲᠥᠯᠯᠡᠭᠡᠳ ᠳᠥᠷᠪᠡᠨ ᠰᠠᠷ᠎ᠠ ᠶ᠋ᠢᠨ ᠳᠠᠷᠠᠭ᠎ᠠ ᠰᠦᠷᠦᠭ ᠲᠡᠢ ᠪᠡᠨ ᠨᠡᠢᠯᠡᠳᠡᠭ ᠂ ᠲᠥᠯᠯᠡᠭᠰᠡᠨ ᠬᠣᠨᠢ ᠨᠢ ᠲᠥᠯ ᠳ᠋ᠦ᠍ ᠪᠡᠨ ᠪᠡᠶ᠎ᠡ ᠳᠠᠭᠠᠭᠠᠨ ᠠᠮᠢᠳᠤᠷᠠᠬᠤ ᠠᠷᠭ᠎ᠠ ᠤᠬᠠᠭᠠᠨ ᠢ᠋ ᠵᠢᠭᠠᠵᠤ ᠰᠤᠷᠭᠠᠳᠠᠭ ᠂ ᠲᠠᠪᠤ ᠠ᠋ᠴᠠ ᠵᠢᠷᠭᠤᠭᠠᠨ ᠰᠠᠷ᠎ᠠ ᠲᠠᠢ ᠰᠦᠷᠦᠭ ᠡᠴᠡ ᠪᠡᠨ ᠬᠠᠰᠤᠳᠠᠭ᠂ ᠬᠠᠰᠤᠭᠳᠠᠭᠰᠠᠨ ᠡᠷ᠎ᠡ ᠲᠥᠯ ᠨᠢ ᠡᠬᠡ ᠳ᠋ᠦ᠍ ᠪᠡᠨ ᠬᠡᠰᠡᠭ ᠬᠣᠷᠭᠣᠳᠠᠭᠠᠳ ᠂ ᠥᠭᠡᠷ᠎ᠡ ᠡᠷ᠎ᠡ ᠲᠥᠯ ᠦ᠋ᠳ ᠲᠡᠢ ᠨᠡᠢᠯᠡᠵᠦ ᠰᠦᠷᠦᠭ ᠡᠭᠦᠰᠬᠡᠳᠡᠭ ᠂ ᠮᠣᠩᠭᠣᠯᠴᠤᠳ ᠡᠷᠲᠡ ᠳᠡᠭᠡᠷ᠎ᠡ ᠦᠶ᠎ᠡ ᠡᠴᠡ ᠪᠡᠨ ᠠᠷᠭᠠᠯᠢ ᠠᠷᠤ ᠠ᠋ᠴᠠ ᠪᠠᠨ ᠠᠪᠴᠠᠭ᠎ᠠ ᠲᠠᠢ ᠭᠡᠮᠡᠨ ᠬᠡᠯᠡᠯᠴᠡᠳᠡᠭ  ᠪᠠᠢᠭᠰᠠᠨ᠂ ᠠᠷᠭᠠᠯᠢ ᠬᠣᠨᠢᠨ ᠤ᠋ ᠬᠡᠯᠡ ᠬᠠᠷ᠎ᠠ ᠦᠷ᠎ᠡ ᠲᠡᠢ ᠤᠴᠢᠷ ᠠ᠋ᠴᠠ ᠠᠮᠢ ᠶ᠋ᠢ ᠨᠢ ᠪᠦᠷᠢᠯᠭᠡᠪᠡᠯ ᠬᠠᠷᠢᠶᠠᠯ ᠳᠠᠭᠠᠭᠤᠯᠤᠨ᠎ᠠ ᠭᠡᠵᠦ ᠦᠵᠡᠬᠦ ᠲᠡᠢ ᠬᠣᠯᠪᠣᠭ᠎ᠠ ᠲᠠᠢ ᠂ ᠠᠷᠭᠠᠯᠢ ᠬᠣᠨᠢ ᠨᠢ ᠠᠮᠢᠳᠤᠷᠠᠬᠤ ᠣᠷᠴᠢᠨ ᠢ᠋ᠶ᠋ᠠᠨ ᠥᠪᠡᠷ ᠢ᠋ᠶ᠋ᠡᠨ ᠪᠣᠢ ᠪᠣᠯᠭᠠᠳᠠᠭ ᠡᠺᠣᠯᠣᠭᠢ ᠶ᠋ᠢᠨ ᠥᠨᠳᠥᠷ ᠠᠴᠢ ᠬᠣᠯᠪᠣᠭᠳᠠᠯ ᠲᠠᠢ᠂ ᠢᠳᠡᠳᠡᠭ ᠡᠪᠡᠰᠦ ᠤᠷᠭᠤᠮᠠᠯ ᠤ᠋ᠨ ᠦᠷ᠎ᠡ ᠶ᠋ᠢ ᠭᠠᠵᠠᠷ ᠲᠤ᠌ ᠲᠠᠷᠬᠠᠭᠠᠵᠤ ᠴᠠᠴᠤᠳᠠᠭ ᠨᠢ ᠡᠪᠡᠰᠦ ᠤᠷᠭᠤᠮᠠᠯ ᠤ᠋ᠨ ᠤᠷᠭᠤᠯᠲᠠ ᠳ᠋ᠤ᠌ ᠰᠠᠢᠨ ᠢ᠋ᠶ᠋ᠠᠷ ᠨᠥᠯᠥᠭᠡᠯᠡᠳᠡᠭ᠂ ᠴᠠᠭ ᠠᠭᠠᠷ ᠤ᠋ᠨ ᠬᠠᠲᠠᠭᠤ ᠰᠢᠷᠦᠭᠦᠨ ᠠᠭᠤᠷ ᠠᠮᠢᠰᠬᠤᠯ ᠢ᠋ ᠳᠠᠪᠠᠨ ᠠᠮᠢᠳᠤᠷᠠᠳᠠᠭ ᠂ ᠠᠷᠭᠠᠯᠢ ᠬᠣᠨᠢ ᠨᠢ ᠬᠠᠤᠯᠢ ᠪᠤᠰᠤ ᠪᠠᠷ ᠠᠩ ᠠᠩᠨᠠᠭᠤᠷ  ᠠ᠋ᠴᠠ ᠪᠣᠯᠵᠤ ᠂ ᠬᠦᠢᠲᠡᠨ ᠫᠤᠤ ᠶ᠋ᠢᠨ ᠬᠤᠰᠢᠭᠤᠨ ᠳ᠋ᠤ᠌ ᠠᠮᠢ ᠦᠷᠡᠭᠳᠡᠵᠦ ᠲᠣᠭ᠎ᠠ ᠲᠣᠯᠣᠭᠠᠢ ᠨᠢ ᠬᠣᠮᠰᠠᠳᠠᠵᠤ ᠪᠠᠢᠨ᠎ᠠ᠂ ᠲᠡᠭᠦᠨᠴᠢᠯᠡᠨ ᠠᠷᠭᠠᠯᠢ ᠬᠣᠨᠢᠨ ᠤ᠋ ᠢᠳᠡᠰᠢᠯᠡᠨ ᠨᠤᠲᠤᠭᠰᠢᠬᠤ ᠣᠷᠣᠨ ᠵᠠᠢ ᠳ᠋ᠤ᠌ ᠬᠣᠲᠠ ᠠᠢᠯ ᠣᠢᠷᠠᠬᠠᠨ ᠪᠠᠭᠤᠭᠰᠠᠨ ᠤ᠋ ᠤᠯᠠᠮ ᠠ᠋ᠴᠠ ᠪᠠᠯᠴᠢᠷ ᠬᠤᠷᠠᠭ᠎ᠠ ᠨᠤᠭᠤᠳ ᠭᠡᠷ ᠦ᠋ᠨ ᠨᠣᠬᠠᠢ ᠳ᠋ᠤ᠌ ᠪᠠᠷᠢᠭᠤᠯᠬᠤ ᠨᠢ ᠡᠯᠪᠡᠭ ᠲᠣᠬᠢᠶᠠᠯᠳᠤᠭᠰᠠᠭᠠᠷ ᠪᠠᠢᠭ᠎ᠠ ᠶᠤᠮ᠂ᠮᠣᠩᠭᠣᠯ ᠤᠯᠤᠰ ᠤ᠋ᠨ ᠤᠯᠠᠭᠠᠨ ᠨᠣᠮ ᠳ᠋ᠤ᠌ ᠬᠣᠪᠣᠷ ᠠᠮᠢᠲᠠᠨ ᠭᠡᠰᠡᠨ ᠠᠩᠭᠢᠯᠠᠯ ᠢ᠋ᠶ᠋ᠠᠷ ᠪᠦᠷᠢᠳᠬᠡᠭᠳᠡᠭᠰᠡᠨ ᠶᠦᠮ ᠂ ᠤᠰᠠᠳᠴᠤ ᠪᠣᠯᠵᠣᠰᠢ ᠦᠭᠡᠢ ᠠᠷᠭᠠᠯᠢ ᠬᠣᠨᠢ ᠶ᠋ᠢ ᠬᠠᠤᠯᠢ ᠪᠤᠰᠤ ᠪᠠᠷ ᠠᠩᠨᠠᠭᠰᠠᠨ ᠲᠣᠬᠢᠶᠠᠯᠳᠤᠯ ᠳ᠋ᠤ᠌ ᠡᠷᠡᠭᠦᠦ ᠶ᠋ᠢᠨ ᠬᠠᠤᠯᠢ ᠶ᠋ᠢᠨ ᠬᠣᠷᠢᠨ ᠳᠥᠷᠪᠡ ᠶ᠋ᠢᠨ ᠲᠠᠪᠤ ᠳ᠋ᠤ᠌ ᠵᠢᠭᠠᠭᠰᠠᠨ ᠢ᠋ᠶ᠋ᠠᠷ ᠳᠥᠴᠢᠨ ᠰᠠᠶ᠎ᠠ ᠬᠦᠷᠲᠡᠯᠡᠬᠢ ᠲᠥᠭᠥᠷᠢᠭ ᠢ᠋ᠶ᠋ᠡᠷ ᠲᠣᠷᠭᠣᠬᠤ᠂ ᠡᠰᠡᠬᠦᠯ᠎ᠡ ᠨᠢᠭᠡ ᠡᠴᠡ ᠲᠠᠪᠤᠨ ᠵᠢᠯ ᠦ᠋ᠨ ᠬᠣᠷᠢᠬᠤ ᠶᠠᠯ᠎ᠠ ᠡᠳ᠋ᠯᠡᠭᠦᠯᠦᠨ᠎ᠡ ᠂ ᠲᠠ ᠠᠷᠭᠠᠯᠢ ᠶ᠋ᠢ ᠬᠣᠨᠢᠨ ᠤ᠋ ᠲᠠᠯ᠎ᠠ ᠪᠠᠷ ᠬᠢ ᠰᠣᠨᠢᠷᠬᠠᠯᠲᠠᠢ ᠮᠡᠳᠡᠭᠡᠯᠡᠯ ᠢ᠋ ᠳᠡᠯᠭᠡᠷᠡᠭᠦᠯᠵᠦ ᠰᠤᠳᠤᠯᠵᠤ᠂ ᠡᠨᠡ ᠲᠠᠯ᠎ᠠ ᠪᠠᠷ ᠦᠷ᠎ᠡ ᠬᠡᠦᠬᠡᠳ ᠲᠦ᠍ ᠪᠡᠨ ᠲᠠᠨᠢᠭᠤᠯᠤᠨ ᠮᠡᠳᠡᠭᠦᠯᠵᠦ᠂ ᠪᠤᠰᠤᠳ ᠲᠤ᠌ ᠲᠦᠭᠡᠭᠡᠨ᠂ ᠠᠩ ᠠᠮᠢᠲᠠᠨ ᠢ᠋ ᠬᠠᠢᠷᠠᠯᠠᠨ ᠬᠠᠮᠠᠭᠠᠯᠠᠬᠤ ᠳ᠋ᠤ᠌ ᠥᠪᠡᠷᠰᠡᠳ ᠦ᠋ᠨ ᠬᠤᠪᠢ ᠨᠡᠮᠡᠷᠢ ᠶ᠋ᠢ ᠣᠷᠣᠭᠤᠯᠤᠭᠠᠷᠠᠢ!
ᠡᠺᠣᠯᠣᠭᠢ ᠶ᠋ᠢᠨ ᠴᠠᠭᠳᠠᠭ᠎ᠠ ᠶ᠋ᠢᠨ ᠠᠯᠪᠠ
ᠵᠡᠷᠯᠢᠭ ᠠᠮᠢᠲᠠᠳ ᠢ᠋ᠶ᠋ᠠᠨ ᠬᠠᠢᠷᠠᠯᠠᠶ᠎ᠠ

ᠦᠰᠦᠭ  ᠠᠮᠢᠯᠠᠭᠤᠯᠤᠭᠰᠠᠨ ᠨᠢ᠄ ᠭᠠᠸᠠ
ᠦᠰᠦᠭ  ᠬᠠᠲᠠᠭᠰᠠᠨ ᠨᠢ ᠄ ᠭᠠᠸᠠ
ᠬᠢᠨᠠᠭᠴᠢ ᠪᠠᠭᠰᠢ ᠄ᠢᠷᠡᠭᠡᠳᠦᠢ