ᠴᠠᠭᠠᠨ ᠰᠦᠯᠳᠡ- ᠲᠩᠷᠢЦагаан сүлд-тэнгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠦᠯᠳᠡ- ᠲᠩᠷᠢЦагаан сүлд-тэнгэр

ᠴᠠᠭᠠᠨ ᠰᠦᠯᠳᠡ- ᠲᠩᠷᠢЦагаан сүлд-тэнгэр

ᠠᠩᠭᠢᠯᠠᠯ:ᠳᠠᠭᠤᠤ ᠬᠥᠭᠵᠢᠮ
2023-08-04

2994

ᠴᠠᠭᠠᠨ ᠰᠦᠯᠳᠡ 

        ᠲᠩᠷᠢ ᠳᠠᠭᠤᠯᠠᠨ᠎ᠠ 

ᠳᠡᠭᠡᠳᠦ ᠲᠩᠷᠢ ᠶ᠋ᠢᠨ ᠵᠠᠶᠠᠭᠠᠲᠤ 
ᠳᠡᠯᠡᠬᠡᠢ ᠡᠵᠢ  ᠵᠢᠭᠲᠦ ᠴᠠᠭᠠᠨ ᠰᠦᠯᠳᠡ 
ᠮᠣᠷᠢᠨ ᠨᠢᠷᠤᠭᠤᠨ ᠳᠡᠭᠡᠷ᠎ᠡ ᠵᠣᠷᠢᠭ ᠨᠡᠪᠴᠢᠭᠦᠯᠵᠦ 
ᠮᠣᠩᠭᠣᠯ ᠨᠡᠷ᠎ᠡ ᠶ᠋ᠢ ᠶᠢᠷᠲᠢᠨᠴᠦ ᠳ᠋ᠦ᠍ ᠳᠠᠭᠤᠷᠢᠰᠤᠭᠤᠯᠤᠭᠰᠠᠨ  
ᠴᠠᠭᠠᠨ ᠰᠦᠯᠳᠡ ᠮᠥᠩᠬᠡ ᠰᠦᠯᠳᠡ  
ᠮᠣᠩᠭᠣᠯᠴᠤᠳ ᠤ᠋ᠨ ᠵᠢᠷᠦᠬᠡᠨ ᠰᠢᠲᠦᠭᠡᠨ  

ᠨᠠᠷᠠᠨ ᠰᠠᠷᠠᠨ ᠢᠵᠠᠭᠤᠷᠲᠤ  
ᠨᠠᠷᠮᠠᠢ ᠤᠯᠤᠰ ᠤ᠋ᠨ ᠰᠢᠲᠦᠭᠡᠨ ᠲᠡᠢ ᠴᠠᠭᠠᠨ ᠰᠦᠯᠳᠡ 
ᠥᠷᠯᠥᠭ ᠪᠠᠭᠠᠲᠤᠷ ᠲᠠᠭᠠᠨ ᠲᠦᠰᠢᠶ᠎ᠡ ᠪᠣᠯᠵᠤ  
ᠥᠰᠲᠦ ᠳᠠᠢᠰᠤᠨ ᠳ᠋ᠤ᠌ ᠳᠠᠷᠤᠯᠭ᠎ᠠ ᠪᠣᠯᠤᠭᠰᠠᠨ  
ᠴᠠᠭᠠᠨ ᠰᠦᠯᠳᠡ ᠮᠥᠩᠬᠡ ᠰᠦᠯᠳᠡ  
ᠮᠣᠩᠭᠣᠯᠴᠤᠳ ᠤ᠋ᠨ ᠵᠢᠷᠦᠬᠡᠨ ᠰᠢᠲᠦᠭᠡᠨ  
ᠴᠠᠭᠠᠨ ᠰᠦᠯᠳᠡ ᠮᠥᠩᠬᠡ ᠰᠦᠯᠳᠡ  
ᠮᠣᠩᠭᠣᠯᠴᠤᠳ ᠤ᠋ᠨ ᠵᠢᠷᠦᠬᠡᠨ ᠰᠢᠲᠦᠭᠡᠨ
 
ᠵᠦᠯᠳᠡ ᠵᠢᠷᠦᠬᠡᠨ  ᠲᠠᠬᠢᠯᠭᠠᠲᠤ  
ᠵᠥᠩᠨᠡᠯ ᠪᠡᠯᠭᠡ ᠶ᠋ᠢᠨ ᠬᠦᠴᠦᠲᠦ ᠴᠠᠭᠠᠨ ᠰᠦᠯᠳᠡ  
ᠪᠢᠰᠢᠷᠡᠯ ᠰᠦᠰᠦᠭᠯᠡᠯ ᠢ᠋ ᠵᠤᠯᠠ ᠪᠣᠯᠭᠠᠨ ᠭᠡᠷᠡᠯᠲᠦᠭᠦᠯᠵᠦ 
ᠪᠢᠯᠢᠭ ᠣᠶᠤᠨ ᠢ᠋ ᠦᠵᠦᠭ ᠪᠣᠯᠭᠠᠨ ᠤᠯᠠᠮᠵᠢᠯᠠᠭᠰᠠᠨ  
ᠴᠠᠭᠠᠨ ᠰᠦᠯᠳᠡ ᠮᠥᠩᠬᠡ ᠰᠦᠯᠳᠡ  
ᠮᠣᠩᠭᠣᠯᠴᠤᠳ ᠤ᠋ᠨ ᠵᠢᠷᠦᠬᠡᠨ ᠰᠢᠲᠦᠭᠡᠨ  
ᠴᠠᠭᠠᠨ ᠰᠦᠯᠳᠡ ᠮᠥᠩᠬᠡ ᠰᠦᠯᠳᠡ  
ᠮᠣᠩᠭᠣᠯᠴᠤᠳ ᠤ᠋ᠨ ᠵᠢᠷᠦᠬᠡᠨ ᠰᠢᠲᠦᠭᠡᠨ  
ᠴᠠᠭᠠᠨ ᠰᠦᠯᠳᠡ ᠮᠥᠩᠬᠡ ᠰᠦᠯᠳᠡ
ᠮᠣᠩᠭᠣᠯᠴᠤᠳ ᠤ᠋ᠨ ᠵᠢᠷᠦᠬᠡᠨ ᠰᠢᠲᠦᠭᠡᠨ  
ᠴᠠᠭᠠᠨ ᠰᠦᠯᠳᠡ ᠮᠥᠩᠬᠡ ᠰᠦᠯᠳᠡ 
ᠮᠣᠩᠭᠣᠯᠴᠤᠳ ᠤ᠋ᠨ ᠵᠢᠷᠦᠬᠡᠨ ᠰᠢᠲᠦᠭᠡᠨ᠃  

   ᠦᠰᠦᠭ ᠠᠮᠢᠯᠠᠭᠤᠯᠤᠭᠴᠢ᠄ ᠨᠠᠷᠠᠨᠲᠣᠭᠣᠰ
   ᠬᠢᠨᠠᠭᠴᠢ᠄ ᠤᠤᠭᠠᠨᠵᠢᠳ