ᠵᠡᠭᠦᠳᠦзүүд_ ХҮҮХДИЙН ДУУ
ᠵᠡᠭᠦᠳᠦ
ᠵᠡᠭᠦᠳᠦ
——ᠬᠡᠦᠬᠡᠳ ᠤᠨ ᠳᠠᠭᠤᠤ
ᠮᠢᠨᠦ ᠥᠪᠡᠷ ᠥᠷᠥᠭᠡᠨ ᠦ ᠣᠷᠣᠨ ᠳᠡᠭᠡᠷ᠎ᠡ
ᠮᠢᠩᠭ᠎ᠠ ᠮᠢᠩᠭᠠᠨ ᠣᠳᠣᠳ ᠲᠦᠭᠡᠯ᠎ᠡ
ᠬᠦᠰᠡᠯ ᠢᠶᠡᠨ ᠲᠡᠳᠡᠨ ᠳᠦ ᠰᠢᠪᠡᠨᠡᠨ᠎ᠡ ᠭᠡᠳ
ᠬᠡᠪᠲᠡᠵᠦ ᠪᠠᠢᠭᠠᠳ ᠤᠨᠲᠠᠴᠢᠬᠠᠵᠠᠢ ᠪᠢ
ᠥᠷᠯᠥᠭᠡ ᠰᠡᠷᠡᠭᠡᠳ ᠬᠠᠷᠠᠭᠰᠠᠨ ᠴᠢᠨᠢ
ᠨᠢᠭᠡ ᠴᠤ᠌ ᠣᠳᠣ ᠣᠷᠣᠨ ᠳᠡᠭᠡᠷ᠎ᠡ ᠠᠯᠠᠭ᠎ᠠ
ᠣᠷᠣᠨ ᠳᠣᠣᠷ᠎ᠠ ᠨᠢᠭᠤᠭᠳᠠᠭᠰᠠᠨ ᠶᠤᠮ ᠪᠣᠯᠪᠠ ᠤᠤ
ᠣᠳᠣᠳ ᠢ ᠪᠢ ᠵᠡᠭᠦᠳᠦᠯᠡᠭᠰᠡᠨ ᠶᠤᠮ ᠪᠣᠯᠪᠠ ᠤᠤ
ᠥᠷᠯᠥᠭᠡ ᠰᠡᠷᠡᠭᠡᠳ ᠬᠠᠷᠠᠭᠰᠠᠨ ᠴᠢᠨᠢ
ᠨᠢᠭᠡ ᠴᠤ᠌ ᠣᠳᠣ ᠣᠷᠣᠨ ᠳᠡᠭᠡᠷ᠎ᠡ ᠠᠯᠠᠭ᠎ᠠ
ᠣᠷᠣᠨ ᠳᠣᠣᠷ᠎ᠠ ᠨᠢᠭᠤᠭᠳᠠᠭᠰᠠᠨ ᠶᠤᠮ ᠪᠣᠯᠪᠠ ᠤᠤ
ᠣᠳᠣᠳ ᠢ ᠪᠢ ᠵᠡᠭᠦᠳᠦᠯᠡᠭᠰᠡᠨ ᠶᠤᠮ ᠪᠣᠯᠪᠠ ᠤᠤ
ᠮᠢᠨᠦ ᠥᠷᠥᠭᠡᠨ ᠦ ᠰᠢᠷᠡᠭᠡᠨ ᠳᠡᠭᠡᠷ᠎ᠡ
ᠲᠦᠮᠡ ᠲᠦᠮᠡᠨ ᠣᠳᠣᠳ ᠲᠦᠭᠡᠯ᠎ᠡ
ᠪᠣᠳᠣᠯ ᠢᠶᠡᠨ ᠲᠡᠳᠡᠨ ᠳᠦ ᠰᠢᠪᠡᠨᠡᠨ᠎ᠡ ᠭᠡᠳ
ᠬᠡᠪᠲᠡᠵᠦ ᠪᠠᠢᠭᠠᠳ ᠤᠨᠲᠠᠴᠢᠬᠠᠵᠠᠢ ᠪᠢ
ᠥᠷᠯᠥᠭᠡ ᠰᠡᠷᠡᠭᠡᠳ ᠬᠠᠷᠠᠭᠰᠠᠨ ᠴᠢᠨᠢ
ᠨᠢᠭᠡ ᠴᠤ᠌ ᠣᠳᠣ ᠰᠢᠷᠡᠭᠡᠨ ᠳᠡᠭᠡᠷ᠎ᠡ ᠠᠯᠠᠭ᠎ᠠ
ᠰᠢᠷᠡᠭᠡᠨ ᠳᠣᠣᠷ᠎ᠠ ᠨᠢᠭᠤᠭᠳᠠᠭᠰᠠᠨ ᠶᠤᠮ ᠪᠣᠯᠪᠠ ᠤᠤ
ᠣᠳᠣᠳ ᠢ ᠪᠢ ᠵᠡᠭᠦᠳᠦᠯᠡᠭᠰᠡᠨ ᠶᠤᠮ ᠪᠣᠯᠪᠠ ᠤᠤ
ᠥᠷᠯᠥᠭᠡ ᠰᠡᠷᠡᠭᠡᠳ ᠬᠠᠷᠠᠭᠰᠠᠨ ᠴᠢᠨᠢ
ᠨᠢᠭᠡ ᠴᠤ᠌ ᠣᠳᠣ ᠰᠢᠷᠡᠭᠡᠨ ᠳᠡᠭᠡᠷ᠎ᠡ ᠠᠯᠠᠭ᠎ᠠ
ᠰᠢᠷᠡᠭᠡᠨ ᠳᠣᠣᠷ᠎ᠠ ᠨᠢᠭᠤᠭᠳᠠᠭᠰᠠᠨ ᠶᠤᠮ ᠪᠣᠯᠪᠠ ᠤᠤ
ᠣᠳᠣᠳ ᠢ ᠪᠢ ᠵᠡᠭᠦᠳᠦᠯᠡᠭᠰᠡᠨ ᠶᠤᠮ ᠪᠣᠯᠪᠠ ᠤᠤ
ᠮᠢᠨᠦ ᠥᠷᠥᠭᠡᠨ ᠦ ᠪᠣᠢᠳᠠᠩ ᠳᠡᠭᠡᠷ᠎ᠡ
ᠮᠢᠩᠭ᠎ᠠ ᠲᠦᠮᠡᠨ ᠣᠳᠣᠳ ᠲᠦᠭᠡᠯ᠎ᠡ
ᠮᠥᠷᠥᠭᠡᠳᠦᠯ ᠢᠶᠠᠨ ᠲᠡᠳᠡᠨ ᠳᠦ ᠰᠢᠪᠡᠨᠡᠨ᠎ᠡ ᠭᠡᠳ
ᠬᠡᠪᠲᠡᠵᠦ ᠪᠠᠢᠭᠠᠳ ᠤᠨᠲᠠᠴᠢᠬᠠᠵᠠᠢ ᠪᠢ
ᠥᠷᠯᠥᠭᠡ ᠰᠡᠷᠡᠭᠡᠳ ᠬᠠᠷᠠᠭᠰᠠᠨ ᠴᠢᠨᠢ
ᠨᠢᠭᠡ ᠴᠤ᠌ ᠣᠳᠣ ᠪᠣᠢᠳᠠᠩ ᠳᠡᠭᠡᠷ᠎ᠡ ᠠᠯᠠᠭ᠎ᠠ
ᠪᠣᠢᠳᠠᠩ ᠳᠣᠣᠷ᠎ᠠ ᠨᠢᠭᠤᠭᠳᠠᠭᠰᠠᠨ ᠶᠤᠮ ᠪᠣᠯᠪᠠ ᠤᠤ
ᠣᠳᠣᠳ ᠢ ᠪᠢ ᠵᠡᠭᠦᠳᠦᠯᠡᠭᠰᠡᠨ ᠶᠤᠮ ᠪᠣᠯᠪᠠ ᠤᠤ
ᠦᠰᠦᠭ ᠠᠮᠢᠯᠠᠭᠤᠯᠤᠭᠰᠠᠨ ᠨᠢ᠄ ᠭᠠᠸᠠ
ᠦᠰᠦᠭ ᠬᠠᠲᠠᠭᠰᠠᠨ ᠨᠢ᠄ ᠭᠠᠸᠠ
ᠬᠢᠨᠠᠭᠴᠢ ᠪᠠᠭᠰᠢ᠄ ᠢᠷᠡᠭᠡᠳᠦᠢ
