ᠴᠠᠭᠠᠨ ᠰᠢᠷᠭ᠎ᠠ(ᠰᠢᠷᠭᠠᠯ)ᠮᠣᠷᠢЦагаан шарга(шаргал)морь-ᠣᠷᠳᠣᠰ ᠠᠷᠠᠳ ᠤᠨ ᠳᠠᠭᠤᠤ20 ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠢᠷᠭ᠎ᠠ(ᠰᠢᠷᠭᠠᠯ)ᠮᠣᠷᠢЦагаан шарга(шаргал)морь-ᠣᠷᠳᠣᠰ ᠠᠷᠠᠳ ᠤᠨ ᠳᠠᠭᠤᠤ20

ᠴᠠᠭᠠᠨ ᠰᠢᠷᠭ᠎ᠠ(ᠰᠢᠷᠭᠠᠯ)ᠮᠣᠷᠢЦагаан шарга(шаргал)морь-ᠣᠷᠳᠣᠰ ᠠᠷᠠᠳ ᠤᠨ ᠳᠠᠭᠤᠤ20

2023-08-03

293

ᠴᠠᠭᠠᠨ ᠰᠢᠷᠭ᠎ᠠ(ᠰᠢᠷᠭᠠᠯ)ᠮᠣᠷᠢ

             ᠣᠷᠳᠣᠰ ᠠᠷᠠᠳ ᠤᠨ ᠳᠠᠭᠤᠤ 
ᠴᠠᠭᠠᠨ ᠯᠠ ᠰᠢᠷᠭ᠎ᠠ ᠮᠣᠷᠢ ᠶ᠋ᠢ ᠪᠡᠨ 
ᠭᠣᠪᠢᠯᠲᠠᠢ ᠲᠠᠷᠭᠤᠲᠠᠢ ᠪᠠᠨ ᠤᠨᠤᠶ᠎ᠠ ᠳ᠋ᠣᠣ 
ᠴᠠᠭᠠᠨ ᠯᠠ ᠪᠤᠭᠤᠷᠤᠯ ᠡᠵᠢ ᠳ᠋ᠦ᠍ ᠪᠡᠨ 
ᠰᠠᠷ᠎ᠠ ᠳ᠋ᠤ᠌ ᠪᠠᠨ ᠶᠣ᠌ ᠯᠠ ᠭᠤᠷᠪᠠ ᠯᠠ ᠵᠣᠯᠭᠠᠶ᠎ᠠ ᠳ᠋ᠣᠣ 

ᠬᠥᠬᠡ ᠶᠣ᠌ ᠪᠤᠭᠤᠷᠤᠯ ᠮᠣᠷᠢ ᠶ᠋ᠢ ᠪᠡᠨ 
ᠭᠣᠪᠢᠯᠲᠠᠢ ᠲᠠᠷᠭᠤᠲᠠᠢ ᠪᠠᠨ ᠤᠨᠤᠶ᠎ᠠ ᠳ᠋ᠣᠣ 
ᠬᠥᠭᠡᠷᠦᠬᠦᠢ ᠪᠤᠭᠤᠷᠤᠯ ᠠᠪᠤ ᠳ᠋ᠠᠭᠠᠨ 
ᠰᠠᠷ᠎ᠠ ᠳ᠋ᠠᠭᠠᠨ ᠭᠤᠷᠪᠠ ᠵᠣᠯᠭᠠᠶ᠎ᠠ ᠳ᠋ᠣᠣ 

ᠬᠠᠨ ᠲᠡᠭᠷᠢ ᠶ᠋ᠢᠨ ᠤᠨᠠᠭ᠎ᠠ ᠨᠢ 
ᠬᠠᠵᠠᠭᠠᠷ ᠲᠠᠢ ᠪᠠᠢᠬᠤ ᠶᠣ᠌ᠰᠣᠲᠠᠢ 
ᠬᠠᠭᠠᠨ ᠡᠵᠡᠳ ᠦ᠋ᠨ ᠡᠮᠦᠨ᠎ᠡ 
ᠰᠥᠬᠦᠷᠴᠦ ᠮᠥᠷᠭᠥᠬᠦ ᠶᠣ᠌ᠰᠣᠲᠠᠢ 

ᠡᠵᠡᠨ ᠲᠡᠭᠷᠢ ᠶ᠋ᠢᠨ ᠤᠨᠠᠭ᠎ᠠ ᠨᠢ
ᠡᠮᠡᠭᠡᠯ ᠲᠡᠢ ᠪᠠᠢᠬᠤ ᠶᠣ᠌ᠰᠣᠲᠠᠢ
ᠡᠵᠡᠳ ᠨᠣᠶᠠᠳ ᠤ᠋ᠨ ᠡᠮᠦᠨ᠎ᠡ
ᠰᠥᠬᠦᠷᠴᠦ ᠮᠥᠷᠭᠥᠬᠦ ᠶᠣ᠌ᠰᠣᠲᠠᠢ

ᠰᠠᠭᠯᠠᠭᠠᠷ ᠽᠠᠨᠳᠠᠨ ᠮᠣᠳᠣ ᠨᠢ
ᠰᠠᠯᠠᠭ᠎ᠠ ᠪᠦᠬᠦᠨ ᠦ᠌ ᠬᠦᠴᠦᠨ ᠳ᠋ᠦ᠍
ᠰᠠᠢᠨ ᠴᠦ᠍ ᠰᠠᠢᠬᠠᠨ ᠶᠠᠪᠤᠨ᠎ᠠ ᠭᠡᠭᠴᠢ
ᠰᠠᠳᠤᠨ ᠲᠥᠷᠥᠯ ᠦ᠋ᠨ ᠬᠦᠴᠦᠨ ᠳ᠋ᠦ᠍

ᠥᠨᠳᠥᠷ ᠽᠠᠨᠳᠠᠨ ᠮᠣᠳᠣ ᠨᠢ
ᠦᠨᠳᠦᠰᠦ ᠪᠦᠷᠢ ᠶ᠋ᠢᠨ ᠬᠦᠴᠦᠨ ᠳ᠋ᠦ᠍
ᠥᠨᠢᠷ ᠪᠠᠶᠠᠨ ᠶᠠᠪᠤᠨ᠎ᠠ ᠭᠡᠭᠴᠢ
ᠡᠵᠢ ᠠᠪᠤ ᠶ᠋ᠢᠨ ᠬᠦᠴᠦᠨ ᠳ᠋ᠦ᠍

ᠭᠤᠷᠪᠠᠨ ᠪᠤᠯᠠᠭ ᠤ᠋ᠨ ᠡᠬᠢᠨ ᠳ᠋ᠦ᠍
ᠤᠨᠠᠭ᠎ᠠ ᠳᠠᠭ᠎ᠠ ᠲᠣᠭᠯᠠᠨ᠎ᠠ
ᠭᠤᠷᠪᠠᠭᠤᠯᠠ ᠮᠠᠨ ᠤ᠋ ᠪᠠᠨ ᠥᠭᠰᠥᠭᠡᠭᠰᠡᠨ
ᠡᠵᠢ ᠯᠡ ᠠᠪᠤ ᠬᠣᠶᠠᠷ ᠰᠢᠦ