ᠮᠣᠩᠭᠣᠯ ᠪᠦᠰᠡᠭᠦᠢ– ᠷ᠂ ᠴᠣᠢᠨᠣᠮ-ᠳ ᠰᠤᠰᠤᠷᠪᠠᠷᠠᠮ ᠤᠶᠠᠩᠭᠠᠯᠠᠪᠠМонгол бүсгүй– Р᠂ ЧойномMongol busgui-Choinom ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠦᠰᠡᠭᠦᠢ– ᠷ᠂ ᠴᠣᠢᠨᠣᠮ-ᠳ ᠰᠤᠰᠤᠷᠪᠠᠷᠠᠮ ᠤᠶᠠᠩᠭᠠᠯᠠᠪᠠМонгол бүсгүй– Р᠂ ЧойномMongol busgui-Choinom

ᠮᠣᠩᠭᠣᠯ ᠪᠦᠰᠡᠭᠦᠢ– ᠷ᠂ ᠴᠣᠢᠨᠣᠮ-ᠳ ᠰᠤᠰᠤᠷᠪᠠᠷᠠᠮ ᠤᠶᠠᠩᠭᠠᠯᠠᠪᠠМонгол бүсгүй– Р᠂ ЧойномMongol busgui-Choinom

2024-08-03

601

ᠮᠣᠩᠭᠣᠯ ᠪᠦᠰᠡᠭᠦᠢ

               ᠷ᠂ ᠴᠣᠢᠨᠣᠮ 
       ᠵᠢᠳᠬᠦᠨ ᠵᠢᠳᠬᠦᠨ ᠲᠡᠮᠡᠦᠯᠵᠦ ᠶᠠᠪᠤᠬᠤ
       ᠵᠦᠭ ᠨᠡᠢᠯᠡᠭᠰᠡᠨ ᠠᠯᠠᠭ ᠮᠣᠷᠢᠳ ᠰᠢᠭ᠋᠁

ᠭᠠᠯ ᠲᠠᠢ ᠵᠠᠯᠠᠭᠤ ᠨᠠᠰᠤᠨ ᠤ᠋ ᠮᠢᠨᠢ
ᠰᠣᠯᠣᠩᠭ᠎ᠠ ᠶ᠋ᠢᠨ ᠥᠩᠭᠡ ᠴᠢ ᠬᠠᠮᠢᠭ᠎ᠠ ᠪᠠᠢᠨ᠎ᠠ ᠠ᠋
ᠭᠠᠩ ᠲᠡᠮᠦᠷ ᠰᠢᠭ ᠰᠡᠳᠬᠢᠯ ᠦ᠋ᠨ ᠮᠢᠨᠢ
ᠰᠣᠷᠢᠨᠵᠢᠨ ᠬᠦᠷᠦ ᠴᠢ ᠬᠠᠮᠢᠭ᠎ᠠ ᠪᠠᠢᠨ᠎ᠠ ᠠ᠋

ᠭᠠᠯᠪᠠ ᠶ᠋ᠢᠨ ᠳᠠᠯᠠᠢ ᠠ᠋ᠴᠠ ᠲᠡᠭᠦᠭᠰᠡᠨ
ᠰᠣᠨᠳᠣᠷ ᠰᠤᠪᠤᠳ ᠤ᠋ᠨ ᠰᠢᠯᠦᠭ ᠦ᠋ᠨ ᠮᠢᠨᠢ
ᠭᠠᠮᠨᠠᠵᠤ ᠪᠣᠯᠳᠠᠭ ᠦᠭᠡᠢ ᠬᠡᠯᠬᠢᠶ᠎ᠡ ᠶ᠋ᠢ
ᠰᠣᠶᠣᠷᠬᠠᠵᠤ ᠨᠢᠭᠡᠨ ᠲᠠᠭᠠᠯᠠᠨ᠎ᠠ ᠤᠤ

ᠮᠥᠷᠥᠭᠡᠳᠦᠯ ᠶᠡᠬᠡ ᠨᠠᠰᠤᠨ ᠤ᠋ ᠮᠢᠨᠢ ᠮᠥᠩᠭᠥᠨ
ᠰᠠᠷᠠᠨᠠᠢ ᠴᠢ ᠬᠠᠮᠢᠭ᠎ᠠ ᠪᠠᠢᠨ᠎ᠠ
ᠮᠥᠰᠥ ᠪᠡᠷ ᠱᠠᠷᠬᠢᠬᠤ ᠠᠮᠢᠳᠤᠷᠠᠯ ᠤ᠋ᠨ
ᠮᠥᠩᠬᠡ ᠶ᠋ᠢᠨ ᠵᠤᠨ ᠴᠢ ᠬᠠᠮᠢᠭ᠎ᠠ ᠪᠠᠢᠨ᠎ᠠ

ᠮᠥᠴᠢᠳ ᠭᠦᠶᠦᠬᠡᠨ ᠵᠢᠷᠭᠠᠯ ᠢ᠋ᠶ᠋ᠠᠨ
ᠮᠥᠯᠢᠭᠦᠦ ᠪᠣᠯᠲᠠᠯ᠎ᠠ ᠡᠯᠡᠭᠡᠭᠰᠡᠨ
ᠮᠡᠬᠦᠰ ᠳᠠᠷᠬᠠᠯᠠᠭᠰᠠᠨ ᠰᠢᠯᠦᠭ ᠢ᠋ᠶ᠋ᠡᠨ
ᠮᠥᠷᠦᠨ ᠳᠡᠭᠡᠷ᠎ᠡ ᠴᠢᠨᠢ ᠲᠠᠯᠪᠢᠶ᠎ᠠ

ᠭᠦᠨ ᠮᠥᠷᠡᠨ ᠰᠢᠭ ᠠᠮᠢᠳᠤᠷᠠᠯ ᠤ᠋ᠨ
ᠭᠦᠦᠷ ᠪᠣᠯᠤᠭᠰᠠᠨ ᠠᠯᠳᠠᠷᠠᠢ ᠮᠢᠨᠢ
ᠬᠥᠮᠦᠨ ᠬᠡᠮᠡᠬᠦ ᠠᠯᠳᠠᠷ ᠲᠠᠢ
ᠨᠢᠭᠤᠷ ᠪᠣᠯᠤᠭᠰᠠᠨ ᠠᠮᠠᠷᠠᠭ ᠮᠢᠨᠢ

ᠬᠡᠦᠬᠡᠨ ᠬᠡᠮᠡᠬᠦ ᠨᠡᠷ᠎ᠡ ᠶ᠋ᠢᠨ
ᠲᠤᠷᠢᠬᠠᠨ ᠪᠦᠬᠦᠨ ᠢ᠋ ᠠᠭᠤᠯᠵᠤ
ᠬᠦᠴᠦᠷᠬᠡᠭ ᠣᠯᠠᠨ ᠵᠠᠭᠤᠨ ᠤ᠋
ᠲᠤᠯᠭ᠎ᠠ ᠶ᠋ᠢ ᠲᠦᠰᠢᠭᠰᠡᠨ ᠡᠬᠡᠴᠦᠳ ᠮᠢᠨᠢ

ᠮᠣᠢᠯ ᠵᠢᠮᠢᠰ ᠦ᠋ᠨ ᠰᠢᠷᠬᠡᠭ ᠰᠢᠭ
ᠲᠣᠷᠮᠣᠯᠵᠠᠭᠰᠠᠩᠬᠠᠨ ᠬᠠᠷᠠᠭ᠎ᠠ ᠲᠠᠢ
ᠮᠣᠷᠢᠨ ᠴᠡᠷᠢᠭ ᠦ᠋ᠨ ᠰᠡᠯᠡᠮ᠎ᠡ ᠰᠢᠭ
ᠳᠣᠶᠢᠯᠵᠠᠭᠰᠠᠩᠬᠠᠨ ᠨᠢᠷᠤᠭᠤ ᠲᠠᠢ

ᠮᠣᠩᠭᠣᠯ ᠪᠦᠰᠡᠭᠦᠢ ᠲᠠᠨ ᠤ᠋ ᠪᠠᠨ
ᠭᠡᠷᠡᠯ ᠰᠡᠭᠦᠳᠡᠷ ᠢ᠋ ᠲᠣᠳᠣᠷᠠᠭᠤᠯᠤᠰᠬᠢᠵᠤ
ᠮᠣᠩᠭᠣᠯ ᠢᠷᠠᠭᠤ ᠨᠠᠢᠷᠠᠭᠴᠢ
ᠭᠡᠬᠢᠯᠵᠡᠨ ᠪᠠᠢᠵᠤ ᠳᠠᠭᠤᠯᠠᠬᠤ ᠤᠤ ᠳᠠ᠃

ᠬᠥᠮᠦᠨ ᠦ᠌ ᠬᠠᠢᠷ᠎ᠠ ᠶ᠋ᠢ ᠠᠩᠬᠠᠨ ᠠᠮᠰᠠᠭᠰᠠᠨ
ᠬᠥᠪᠡᠭᠦᠨ ᠵᠢᠷᠦᠬᠡᠨ ᠦ᠌ ᠲᠦᠭᠰᠢᠯᠲᠡ ᠭᠡᠮᠡᠷ
ᠬᠦᠰᠡᠯᠡᠩ ᠬᠣᠣᠰᠯᠠᠵᠤ ᠪᠣᠯᠵᠣᠭᠠᠨ ᠳ᠋ᠤ᠌ ᠢᠷᠡᠭᠰᠡᠨ
ᠬᠥᠭᠡᠷᠦᠬᠦᠢ ᠨᠢᠭᠡᠨ ᠦ᠌ ᠲᠣᠭᠰᠢᠯᠲᠠ ᠭᠡᠮᠡᠷ

ᠶᠠᠭᠠᠷᠠᠤᠬᠠᠨ ᠪᠥᠭᠡᠳ ᠡᠷᠴᠢᠮᠲᠡᠢ ᠠᠪᠢᠶ᠎ᠠ
ᠬᠡᠴᠡ ᠶ᠋ᠢᠨ ᠴᠠᠭᠠᠨ᠎ᠠ ᠲᠣᠳᠣᠷᠠᠨ ᠪᠠᠢᠨ᠎ᠠ
ᠢᠷᠠᠭᠤᠬᠠᠨ ᠪᠥᠭᠡᠳ ᠥᠷᠨᠢᠯᠲᠡᠲᠡᠢ ᠠᠢᠵᠠᠮ
ᠬᠡᠭᠡᠷ᠎ᠡ ᠶ᠋ᠢᠨ ᠫᠢᠶᠠᠨᠵᠠᠨ ᠳ᠋ᠤ᠌ ᠪᠢᠴᠢᠭᠳᠡᠵᠦ ᠪᠠᠢᠨ᠎ᠠ

ᠲᠩᠷᠢ ᠭᠠᠵᠠᠷ ᠤ᠋ᠨ ᠰᠠᠪᠰᠠᠯᠭ᠎ᠠ ᠨᠡᠢᠯᠡᠬᠦ
ᠲᠡᠷᠲᠡᠭᠡ ᠴᠡᠩᠬᠡᠷ ᠬᠥᠪᠡᠭᠡᠨ ᠦ᠌ ᠴᠠᠭᠠᠨ᠎ᠠ ᠠ᠋ᠴᠠ
ᠲᠠᠩᠭᠢᠰ ᠳᠠᠯᠠᠢ ᠶ᠋ᠢᠨ ᠳᠣᠯᠭᠢᠶ᠎ᠠ ᠬᠠᠪᠠᠬᠤ
ᠲᠡᠪᠡᠨᠡ ᠴᠢᠨᠡᠭᠡ ᠵᠢᠷᠠᠭᠠᠬᠠᠢ ᠭᠡᠮᠡᠷ

ᠨᠡᠷ᠎ᠡ ᠤᠰᠤ ᠦᠭᠡᠢ ᠲᠣᠯᠣᠭᠠᠢᠳ ᠢ᠋ ᠳᠠᠪᠠᠭᠠᠳ
ᠨᠢᠭᠡ ᠮᠣᠷᠢᠲᠠᠨ ᠳᠤᠷᠠᠢᠭᠠᠳ ᠢᠷᠡᠪᠡ
ᠣᠩᠭᠣᠨ ᠴᠡᠴᠡᠭ ᠲᠡᠢ ᠨᠣᠭᠣᠭᠠᠨ ᠬᠥᠨᠳᠡᠢ ᠶ᠋ᠢ
ᠣᠮᠣᠭᠯᠠᠩ ᠮᠣᠷᠢᠲᠠᠨ ᠤ᠋ ᠲᠣᠭᠣᠰᠣ ᠪᠠᠷ ᠱᠤᠭᠤᠮᠳᠠᠪᠠ᠃

ᠪᠠᠭᠪᠠᠬᠠᠢ ᠴᠡᠴᠡᠭ ᠦ᠋ᠨ ᠥᠲᠥᠨ ᠮᠠᠯᠠᠭᠠᠢ ᠶ᠋ᠢ
ᠪᠠᠭᠴᠠ ᠪᠠᠭᠴᠠ ᠪᠠᠷ ᠦᠷᠭᠦᠭᠡᠨ ᠬᠡᠢᠰᠬᠡᠵᠦ
ᠬᠠᠷᠠᠵᠤ ᠵᠣᠭᠰᠣᠭᠰᠠᠨ ᠮᠢᠨᠦ ᠨᠢᠭᠤᠷ ᠢ᠋
ᠬᠠᠯᠠᠭᠤᠨ ᠰᠠᠯᠬᠢ ᠪᠠᠷ ᠠᠯᠠᠭᠠᠳᠠᠭᠠᠳ ᠥᠩᠭᠡᠷᠡᠪᠡ᠃

ᠬᠡᠭᠡᠷ᠎ᠡ ᠶ᠋ᠢᠨ ᠲᠣᠭᠣᠰᠣ ᠮᠣᠷᠢᠨ ᠤ᠋ ᠬᠥᠯᠥᠰᠥ
ᠬᠡᠭᠡᠨᠴᠢᠷ ᠬᠤᠪᠴᠠᠰᠤᠨ ᠤ᠋ ᠦᠨᠦᠷᠲᠡᠨ ᠤᠰᠤ
ᠬᠡᠰᠡᠭᠬᠡᠨ ᠵᠠᠭᠤᠷ᠎ᠠ ᠬᠠᠩ ᠬᠢᠭᠡᠳ
ᠬᠡᠳᠦᠨ ᠬᠥᠪᠡᠭᠡ ᠳᠠᠮᠨᠠᠨ ᠣᠳᠪᠠ ᠃

ᠨᠠᠪᠴᠢᠨ ᠴᠢᠬᠢ ᠲᠡᠢ ᠰᠤᠮᠤᠨ ᠬᠦᠯᠦᠭ ᠦ᠋ᠨ
ᠨᠠᠷᠢᠨ ᠰᠤᠷ ᠤ᠋ᠨ ᠵᠢᠯᠣᠭᠣ ᠶ᠋ᠢ ᠲᠦᠰᠢᠨ
ᠨᠠᠰᠤᠨ ᠵᠠᠯᠠᠭᠤ ᠮᠣᠩᠭᠣᠯ ᠪᠦᠰᠡᠭᠦᠢ
ᠨᠠᠳᠠ ᠳ᠋ᠤ᠌ ᠭᠠᠢᠬᠠᠭᠤᠯᠵᠤ ᠡᠢᠨ ᠬᠦ᠌ ᠥᠩᠭᠡᠷᠡᠪᠡ

ᠬᠡᠮᠨᠡᠯ ᠨᠠᠷᠢᠨ ᠳᠠᠪᠬᠢᠯᠲᠠ ᠮᠣᠷᠢᠨ ᠤ᠋ ᠬᠢᠨᠢ
ᠬᠡᠷᠦᠯᠦᠨ ᠬᠠᠷ᠎ᠠ ᠤᠰᠤ ᠰᠢᠭ᠋ ᠰᠠᠢᠬᠠᠨ ᠨᠢᠳᠦ
ᠳᠤᠬᠤᠨ ᠤ᠋ ᠬᠥᠬᠥᠯ ᠂ ᠨᠠᠷᠢᠨ ᠬᠠᠯᠵᠠ
ᠲᠤᠩ ᠤ᠋ᠨ ᠠᠮᠠ ᠰᠢᠭ᠋ ᠬᠠᠮᠠᠷ ᠤ᠋ᠨ ᠨᠦᠬᠡ

ᠭᠢᠯᠲᠠᠯᠵᠠᠨ ᠬᠠᠷᠠᠭᠳᠠᠬᠤ ᠣᠪᠣᠭᠣᠷ ᠪᠤᠯᠴᠢᠩ
ᠬᠢᠯ ᠤᠨ ᠲᠦᠦᠵᠡ ᠰᠢᠭ ᠬᠣᠨᠳᠣᠯᠠᠢ ᠬᠢᠭᠡᠳ
ᠰᠦᠪᠡᠭᠡᠨ ᠳ᠋ᠦ᠍ ᠵᠤᠷᠠᠯᠵᠠᠬᠤ ᠭᠤᠷᠪᠠᠨ ᠬᠠᠪᠢᠷᠭ᠎ᠠ
ᠰᠡᠭᠦᠯ ᠦ᠋ᠨ ᠬᠢᠨᠢ ᠬᠡᠢᠰᠦᠯᠲᠡ ᠲᠣᠳᠣᠷᠠᠭᠠᠳ ᠥᠩᠭᠡᠷᠡᠪᠡ

ᠰᠠᠢᠬᠠᠨ ᠬᠦᠯᠦᠭ ᠢ᠋ ᠠᠳᠬᠤᠨ ᠳ᠋ᠠᠭᠠᠨ ᠵᠠᠬᠢᠷᠴᠤ
ᠰᠠᠷᠠᠨ ᠳᠠᠷᠤᠭᠤᠯᠭ᠎ᠠ ᠶ᠋ᠢ ᠭᠡᠵᠢᠭᠡᠨ ᠳ᠋ᠡᠭᠡᠨ ᠰᠢᠭᠢᠳᠬᠡᠵᠦ
ᠰᠠᠭᠠᠷᠠᠯ ᠢᠰᠡᠭᠡᠢ ᠮᠠᠯᠠᠭᠠᠢ ᠳᠣᠬᠣᠳᠠᠭᠤᠯᠵᠤ
ᠰᠠᠯᠬᠢᠨ ᠳᠠᠷᠴᠤᠭ ᠰᠢᠭ᠋ ᠲᠣᠷᠣᠢᠬᠤ ᠪᠦᠰᠡᠭᠦᠢ ᠶ᠋ᠢᠨ

ᠬᠣᠯᠴᠣᠷᠤᠤ ᠤᠩᠭᠢᠶᠠᠯᠠᠭᠰᠠᠨ ᠪᠣᠷᠣ ᠨᠢᠭᠤᠷ
ᠬᠣᠯᠪᠣᠷᠢᠨ ᠪᠤᠯᠲᠠᠬᠤ ᠬᠠᠷ᠎ᠠ ᠨᠢᠳᠦ
ᠬᠣᠲᠣᠭᠣᠷ ᠨᠢᠷᠤᠭᠤ ᠭᠦᠳᠦᠭᠦᠷ ᠴᠡᠭᠡᠵᠢ
ᠬᠣᠷᠮᠣᠢ ᠶ᠋ᠢᠨ ᠬᠢᠨᠢ ᠬᠡᠢᠰᠦᠯᠲᠡ ᠬᠠᠷᠠᠭᠳᠠᠭᠠᠳ ᠥᠩᠭᠡᠷᠡᠪᠡ ᠃

ᠰᠠᠢᠨ ᠮᠣᠷᠢᠨ ᠤ᠋ ᠰᠢᠷᠦᠭᠦᠨ ᠳᠠᠪᠬᠢᠯᠲᠠ ᠠ᠋ᠴᠠ
ᠬᠦᠯᠦᠭ ᠦ᠋ᠨ ᠲᠣᠭᠣᠰᠣ ᠵᠦᠯᠭᠡᠨ ᠳᠡᠭᠡᠷ᠎ᠡ ᠰᠢᠪᠡᠷᠡᠪᠡ
ᠰᠠᠢᠬᠠᠨ ᠪᠦᠰᠡᠭᠦᠢ ᠶ᠋ᠢᠨ ᠰᠢᠷᠪᠢᠬᠦ ᠬᠠᠷᠠᠴᠠᠨ ᠠ᠋ᠴᠠ
ᠰᠢᠯᠦᠭ ᠦ᠋ᠨ ᠲᠣᠭᠣᠰᠣ ᠵᠢᠷᠦᠬᠡᠨ ᠳᠡᠭᠡᠷ᠎ᠡ ᠰᠢᠩᠭᠡᠪᠡ ᠃

ᠬᠥᠮᠦᠨ ᠦ᠌ ᠰᠠᠢᠨ ᠢ᠋ ᠣᠯᠵᠤ ᠲᠥᠷᠥᠭᠡᠳ
ᠬᠦᠰᠡᠯ ᠦ᠋ᠨ ᠰᠠᠢᠬᠠᠨ ᠢ᠋ ᠡᠪᠦᠷᠯᠡᠵᠦ ᠥᠰᠦᠭᠡᠳ
ᠮᠣᠷᠢᠨ ᠤ᠋ ᠰᠠᠢᠨ ᠢ᠋ ᠤᠨᠤᠬᠤ ᠵᠠᠶᠠᠭ᠎ᠠ ᠲᠠᠢ
ᠮᠣᠩᠭᠣᠯ ᠤ᠋ᠨ ᠰᠠᠢᠬᠠᠨ ᠪᠦᠰᠡᠭᠦᠢ ᠭᠡᠳᠡᠭ

ᠲᠢᠪ ᠳᠡᠯᠡᠬᠡᠢ ᠶ᠋ᠢᠨ ᠵᠢᠷᠭᠠᠯ ᠬᠤᠪᠢᠶᠠᠯᠴᠠᠬᠤ ᠳ᠋ᠤ᠌
ᠲᠡᠭᠰᠢ ᠲᠠᠪᠤᠨ ᠬᠦᠰᠡᠯᠡᠩ ᠭᠡᠮᠡᠷ
ᠲᠠᠯ᠎ᠠ ᠳᠤᠮᠳᠠ ᠰᠠᠨᠠᠵᠤ ᠶᠠᠪᠤᠬᠤ ᠳ᠋ᠤ᠌
ᠯᡁᠠ ᠲᠠᠪᠤᠨ ᠲᠡᠭᠷᠢ ᠭᠡᠮᠡᠷ

ᠬᠥᠮᠦᠨ ᠦ᠌ ᠭᠠᠵᠠᠷ ᠰᠠᠨᠠᠵᠤ ᠶᠠᠪᠤᠬᠤ ᠳ᠋ᠤ᠌
ᠬᠦᠰᠡᠯ ᠦ᠋ᠨ ᠲᠠᠪᠤᠨ ᠰᠤᠳᠠᠰᠤ ᠭᠡᠮᠡᠷ
ᠬᠦᠦ ᠪᠡᠨ ᠲᠡᠪᠡᠷᠢᠭᠡᠳ ᠪᠦᠪᠡᠢᠯᠡᠵᠦ ᠰᠠᠭᠤᠬᠤ ᠨᠢ
ᠬᠥᠭᠵᠢᠮ ᠦ᠋ᠨ ᠲᠠᠪᠤᠨ ᠤᠲᠠᠰᠤ ᠭᠡᠮᠡᠷ

ᠡᠮᠡᠭᠡᠯ ᠦ᠋ᠨ ᠳᠥᠷᠥᠭᠡ ᠳᠥᠷᠥᠭᠡᠯᠡᠵᠦ ᠥᠰᠦᠭᠰᠡᠨ
ᠡᠷ᠎ᠡ ᠶ᠋ᠢᠨ ᠰᠡᠳᠬᠢᠯ ᠢ᠋ ᠤᠶᠠᠷᠠᠭᠤᠯᠳᠠᠭ ᠪᠠᠢᠨ᠎ᠠ
ᠡᠷᠴᠢᠯᠡᠨ ᠳᠡᠪᠡᠷᠡᠬᠦ ᠣᠮᠣᠭ ᠪᠠᠬᠠᠷᠬᠠᠯ ᠢ᠋ᠶ᠋ᠠᠷ
ᠰᠢᠯᠦᠭᠴᠢ ᠶ᠋ᠢᠨ ᠵᠢᠷᠦᠬᠡ ᠶ᠋ᠢ ᠤᠶᠠᠷᠠᠭᠤᠯᠳᠠᠭ ᠪᠠᠢᠨ᠎ᠠ

ᠴᠡᠨᠡᠭ ᠲᠡᠢ ᠫᠤᠤᠵᠢᠩ ᠭᠠᠵᠠᠷ ᠢ᠋ᠶ᠋ᠠᠷ ᠬᠠᠪᠠᠬᠤ ᠰᠢᠭ᠋  
ᠴᠡᠴᠡᠭ ᠲᠡᠢ ᠲᠠᠯ᠎ᠠ ᠶ᠋ᠢ ᠵᠦᠰᠦᠭᠡᠳ ᠥᠩᠭᠡᠷᠡᠬᠦ ᠳ᠋ᠡᠭᠡᠨ
ᠴᠡᠴᠡ ᠲᠡᠢ ᠪᠣᠳᠣᠯ ᠤ᠋ᠨ ᠣᠩᠭᠣᠳ ᠭᠦᠶᠦᠳᠡᠯ ᠢ᠋ᠶ᠋ᠡᠷ
ᠴᠡᠭᠴᠡ ᠲᠡᠢ ᠰᠢᠯᠦᠭ ᠢ᠋ ᠬᠦᠰᠡᠭᠡᠳ ᠥᠩᠭᠡᠷᠡᠬᠦ ᠳ᠋ᠡᠭᠡᠨ

ᠠᠲᠠᠷ ᠤ᠋ᠨ ᠲᠣᠭᠣᠰᠣᠨ ᠤᠲᠠᠰᠤ ᠥᠪᠯᠡᠭᠰᠡᠨ
ᠠᠷᠭᠤᠮᠠᠭ ᠤ᠋ᠨ ᠵᠤᠨ᠎ᠠ ᠵᠡᠭᠦᠦ ᠰᠢᠭ ᠴᠡᠮᠴᠡᠢᠨ
ᠠᠵᠢᠭ ᠦᠭᠡᠢ ᠵᠢᠷᠦᠬᠡ ᠶ᠋ᠢ ᠮᠢᠨᠢ ᠭᠠᠵᠢᠭ ᠦᠭᠡᠢ ᠳᠤᠷᠠᠯᠠᠯ ᠤ᠋ᠨ
ᠠᠯᠳᠠᠩᠬᠠᠨ ᠤᠲᠠᠰᠤ ᠪᠠᠷ ᠬᠦᠪᠦᠷᠢᠳᠦᠭᠡᠳ ᠭᠠᠷᠪᠠ ᠠ᠋ ᠃

ᠠᠢᠯ ᠠ᠋ᠴᠠ ᠡᠷᠢᠬᠦ ᠪᠡᠷ ᠠᠪᠳᠠᠷ᠎ᠠ ᠪᠠᠨ ᠠᠭᠤᠳᠠᠯᠬᠤ
ᠠᠷᠠᠳ ᠤ᠋ᠨ ᠰᠤᠷᠭᠠᠯ ᠢ᠋ ᠳᠠᠪᠲᠠᠨ ᠲᠤᠭᠤᠯᠪᠠᠰᠤ
ᠠᠷᠭ᠎ᠠ ᠴᠤ᠌ ᠦᠭᠡᠢ ᠠᠮᠠᠷᠠᠭ ᠮᠢᠨᠢ ᠭᠡᠰᠬᠢᠨ
ᠠᠮᠢᠳᠤᠷᠠᠯ ᠤ᠋ᠨ ᠢ᠋ᠶ᠋ᠠᠨ ᠵᠢᠷᠭᠠᠯ ᠳ᠋ᠤ᠌ ᠠᠪᠲᠠᠨ ᠲᠤᠢᠯᠪᠠᠰᠤ

ᠤᠶᠠᠬᠠᠨ ᠲᠥᠷᠥᠭᠰᠡᠨ ᠬᠥᠮᠦᠨ ᠦ᠌ ᠦᠷ᠎ᠡ ᠶ᠋ᠢ ᠭᠡᠵᠦ
ᠠᠭᠤᠯᠠ ᠤᠰᠤ ᠶ᠋ᠢ ᠳᠠᠪᠠᠯᠲᠠ ᠦᠭᠡᠢ ᠭᠡᠨ᠎ᠡ ᠠ᠋
ᠤᠷᠠᠨ ᠭᠤᠸᠠᠬᠠᠨ ᠠᠮᠠᠷᠠᠭ ᠪᠢᠯᠡ ᠭᠡᠵᠦ
ᠣᠷᠣᠨ ᠬᠣᠲᠠ ᠶ᠋ᠢᠨ ᠬᠠᠭᠠᠯᠭ᠎ᠠ ᠶ᠋ᠢ ᠲᠠᠲᠠᠯᠲᠠ ᠦᠭᠡᠢ ᠭᠡᠨ᠎ᠡ ᠠ᠋

ᠮᠣᠩᠭᠣᠯ ᠪᠦᠰᠡᠭᠦᠢ ᠳ᠋ᠦ᠍ ᠬᠠᠢᠷ᠎ᠠ ᠪᠠᠨ ᠥᠭᠶ᠎ᠡ ᠭᠡᠵᠦ
ᠮᠣᠷᠢᠲᠠᠨ ᠠᠪᠠᠬᠠᠢ ᠶ᠋ᠢ ᠳᠠᠭᠠᠯᠲᠠ ᠦᠭᠡᠢ ᠭᠡᠨ᠎ᠡ ᠠ᠋ ᠃
ᠮᠣᠩᠭᠣᠯ ᠪᠦᠰᠡᠭᠦᠢ ᠳᠡᠯᠡᠬᠡᠢ ᠳ᠋ᠦ᠍ ᠭᠠᠢᠬᠠᠭᠤᠯᠵᠤ
ᠮᠣᠷᠢ ᠤᠨᠤᠬᠤ ᠠ᠋ᠴᠠ ᠮᠣᠷᠢᠨ ᠳᠡᠭᠡᠷ᠎ᠡ ᠲᠥᠷᠥᠳᠡᠭ ᠦᠭᠡᠢ ᠶᠦᠮ ᠃

ᠬᠦᠳᠡᠩ ᠲᠡᠢ ᠬᠥᠨᠳᠡᠢ ᠶ᠋ᠢ ᠮᠣᠷᠢ ᠪᠠᠷ ᠲᠤᠭᠤᠯᠬᠤ ᠠ᠋ᠴᠠ
ᠬᠥᠮᠦᠨ ᠦ᠌ ᠬᠦᠰᠡᠯ ᠢ᠋ ᠮᠣᠷᠢ ᠪᠠᠷ ᠬᠡᠮᠵᠢᠳᠡᠭ ᠦᠭᠡᠢ ᠶᠣᠮ᠎ᠠ
ᠬᠣᠯᠠ ᠶ᠋ᠢᠨ ᠵᠠᠮ ᠢ᠋ ᠮᠣᠷᠢ ᠪᠠᠷ ᠲᠤᠭᠤᠯᠬᠤ ᠠ᠋ᠴᠠ
ᠬᠣᠩᠭᠣᠷ ᠠᠮᠠᠷᠠᠭ ᠢ᠋ᠶ᠋ᠠᠨ ᠮᠣᠷᠢ ᠪᠠᠷ ᠬᠠᠢᠷᠠᠯᠠᠳᠠᠭ ᠦᠭᠡᠢ ᠶᠦᠮ ᠃

ᠥᠨᠢᠷ ᠬᠣᠲᠠ ᠶ᠋ᠢᠨ ᠴᠢᠯᠠᠭᠤᠨ ᠲᠠᠯᠠᠪᠤᠷ ᠲᠤ᠌
ᠥᠨᠳᠥᠷ ᠦᠰᠦᠭᠡᠢᠲᠦ ᠪᠡᠷ ᠪᠥᠵᠢᠭᠯᠡᠬᠦ ᠢᠯᠳᠠᠮ ᠳ᠋ᠤ᠌
ᠥᠲᠥᠨ ᠵᠢᠩᠳᠤᠤ᠂ ᠳᠤᠯᠠᠭᠠᠨ ᠬᠥᠨᠵᠢᠯᠡ ᠳ᠋ᠦ᠍
ᠥᠰᠴᠦ ᠲᠣᠷᠨᠢᠭᠰᠠᠨ ᠴᠠᠭᠠᠨ ᠪᠦᠰᠡᠭᠦᠢ

ᠬᠣᠲᠠ ᠬᠢᠴᠡ ᠶ᠋ᠢᠨ ᠴᠠᠭᠠᠨ ᠲᠦᠹᠯᠢ ᠪᠡᠷ
ᠬᠣᠷᠢᠳᠠᠬᠢ ᠵᠠᠭᠤᠨ ᠤ᠋ ᠳᠡᠯᠡᠬᠡᠢ ᠶ᠋ᠢ ᠭᠢᠰᠬᠢᠬᠦ
ᠬᠥᠯ ᠦ᠋ᠨ ᠴᠢᠨᠢ ᠴᠡᠪᠡᠷᠬᠡᠨ ᠥᠯᠮᠡᠢ ᠳ᠋ᠦ᠍
ᠬᠣᠨᠣᠭ ᠳᠠᠷᠠᠭᠠᠯᠠᠭᠰᠠᠨ ᠤᠳᠤᠮ ᠪᠣᠢ

ᠬᠥᠩᠭᠡᠨ ᠬᠥᠯ ᠲᠡᠢ ᠮᠣᠷᠢ ᠪᠠᠨ ᠡᠮᠡᠭᠡᠯᠯᠡᠵᠦ
ᠬᠥᠳᠡᠭᠡ ᠲᠠᠯ᠎ᠠ ᠳ᠋ᠠᠭᠠᠨ ᠳᠡᠭᠦᠯᠢᠵᠦ ᠥᠰᠦᠭᠡ ᠦᠭᠡᠢ ᠴᠦ᠍
ᠮᠥᠩᠭᠥᠨ ᠴᠠᠭᠠᠨ ᠲᠡᠰᠢᠭᠦᠷ ᠢ᠋ᠶ᠋ᠡᠨ ᠬᠢᠵᠦ
ᠮᠥᠰᠥᠨ ᠲᠠᠯᠠᠪᠠᠢ ᠳ᠋ᠤ᠌ ᠳᠡᠭᠦᠯᠢᠵᠦ ᠥᠰᠦᠭᠰᠡᠨ

ᠬᠠᠪᠠᠨ ᠲᠡᠰᠢᠬᠦ ᠲᠡᠮᠡᠭᠡᠨ ᠳᠡᠭᠡᠷ᠎ᠡ
ᠬᠠᠯᠠᠭᠤᠨ ᠭᠣᠪᠢ ᠶ᠋ᠢ ᠲᠤᠭᠤᠯᠵᠤ ᠶᠠᠪᠤᠭ᠎ᠠ ᠦᠭᠡᠢ ᠴᠦ᠍
ᠬᠠᠯᠭᠢᠨ ᠭᠤᠯᠠᠰᠬᠤ ᠴᠠᠨ᠎ᠠ ᠤᠯᠠᠭᠠᠯᠠᠵᠤ
ᠬᠠᠩᠭᠠᠢ ᠶ᠋ᠢᠨ ᠴᠠᠰᠤ ᠶ᠋ᠢ ᠴᠣᠭᠣᠯᠵᠤ ᠶᠠᠪᠤᠭᠰᠠᠨ

ᠮᠠᠢᠯᠠᠬᠤ ᠲᠥᠯ ᠦ᠋ᠨ ᠰᠢᠮᠫᠣᠨᠢ ᠲᠣᠭᠯᠠᠬᠤ
ᠮᠠᠯᠴᠢᠨ ᠤ᠋ ᠬᠣᠲᠠᠨ ᠳ᠋ᠤ᠌ ᠳᠠᠰᠤᠭ᠎ᠠ ᠨᠢ ᠦᠭᠡᠢ ᠴᠦ᠍
ᠪᠦᠬᠦᠯᠢ ᠣᠷᠺᠧᠰᠲ᠋ᠷ ᠲᠠᠩᠭᠣ᠋ ᠦᠯᠢᠶᠡᠬᠦ
ᠪᠥᠵᠢᠭ ᠦ᠋ᠨ ᠬᠦᠷᠢᠶᠡᠯᠡᠩ ᠳ᠋ᠦ᠍ ᠳᠤᠲᠠᠭ᠎ᠠ ᠨᠢ ᠦᠭᠡᠢ

ᠬᠤᠭᠤᠷ ᠲᠤ᠌ ᠬᠥᠭᠯᠡᠭᠰᠡᠨ ᠬᠣᠶᠠᠷ ᠴᠢᠪᠬᠠᠳᠠᠰᠤ
ᠬᠤᠯᠤᠰᠤᠨ ᠯᠢᠩᠪᠦᠨ ᠦ᠌ ᠠᠷᠪᠠᠨ ᠨᠦᠬᠡᠨ ᠳ᠋ᠦ᠍
ᠤᠶᠠᠬᠠᠨ ᠴᠡᠴᠡ ᠲᠡᠢ ᠪᠣᠷᠵᠢᠭᠢᠨ ᠨᠠᠮᠪᠠ ᠪᠠᠷ
ᠤᠷᠲᠤ ᠶ᠋ᠢᠨ ᠳᠠᠭᠤᠤ ᠳᠠᠭᠤᠯᠠᠵᠤ ᠦᠵᠡᠭᠡ ᠦᠭᠡᠢ ᠴᠦ᠍

ᠤᠨᠠᠭᠠᠨ ᠬᠦᠯᠦᠭ ᠦ᠋ᠨ ᠬᠤᠷ ᠳᠡᠯ ᠳᠡᠭᠡᠷ᠎ᠡ
ᠤᠷᠲᠤ ᠶ᠋ᠢᠨ ᠳᠠᠭᠤᠤ ᠪᠠᠨ ᠪᠦᠲᠦᠭᠡᠵᠦ ᠢᠷᠡᠭᠰᠡᠨ
ᠤᠷᠢᠳᠤ ᠶ᠋ᠢᠨ ᠡᠪᠦᠭᠡ ᠡᠮᠡᠭᠡ ᠶ᠋ᠢᠨ ᠢ᠋ᠶ᠋ᠡᠨ
ᠤᠳᠤᠮ ᠤ᠋ᠨ ᠰᠠᠨᠠᠭ᠎ᠠ ᠶ᠋ᠢ ᠵᠢᠷᠦᠬᠡᠨ ᠳ᠋ᠡᠭᠡᠨ ᠰᠠᠨᠠᠭᠰᠠᠨ

ᠡᠢᠮᠦ ᠯᠡ ᠨᠢᠭᠡᠨ ᠮᠣᠩᠭᠣᠯ ᠪᠦᠰᠡᠭᠦᠢ
ᠢᠷᠡᠭᠡᠴᠢ ᠭᠡᠵᠦ ᠨᠠᠮᠠᠢ ᠳᠠᠭᠤᠳᠠᠪᠠ 
ᠢᠳᠡᠲᠡᠢ ᠳᠤᠷᠠᠯᠠᠯ ᠤ᠋ᠨ ᠰᠢᠳᠢᠲᠡᠢ ᠴᠡᠨᠡᠭ ᠢ᠋ᠶ᠋ᠡᠷ
ᠢᠳᠡᠷ ᠵᠢᠷᠦᠬᠡ ᠶ᠋ᠢ ᠮᠢᠨᠢ ᠨᠠᠮ ᠫᠤᠤᠳᠠᠪᠠ᠃

ᠡᠮᠨᠢᠭ ᠢ᠋ ᠰᠤᠷᠭᠠᠵᠤ ᠤᠨᠤᠭ᠎ᠠ ᠲᠠᠢ ᠶᠠᠪᠤᠬᠤ
ᠡᠨᠡ ᠮᠣᠩᠭᠣᠯ ᠤ᠋ᠨ ᠶᠣᠰᠣᠨ ᠪᠠᠢᠪᠠᠴᠤ
ᠡᠳ᠋ᠯᠡᠵᠦ ᠴᠢᠳᠠᠯ ᠦᠭᠡᠢ ᠨᠢᠷᠤᠭᠤ ᠶ᠋ᠢ ᠨᠢ ᠠᠪᠪᠠᠯ
ᠡᠮᠡᠭᠡᠯ ᠢ᠋ᠶ᠋ᠡᠨ ᠠᠪᠤᠭᠠᠳ ᠵᠠᠢᠯᠠᠳᠠᠭ ᠶᠣᠰᠣ ᠪᠣᠢ

ᠰᠢᠨ᠎ᠡ ᠬᠠᠭᠤᠴᠢᠨ ᠲᠡᠦᠬᠡ ᠶ᠋ᠢᠨ ᠲᠤᠷᠰᠢ ᠳ᠋ᠤ᠌
ᠰᠢᠯᠢᠳᠡᠭ᠂ ᠰᠢᠷᠪᠢᠳᠡᠭ ᠨᠢ ᠬᠠᠭᠠᠳ ᠪᠠᠢᠭᠰᠠᠨ ᠴᠤ᠌
ᠰᠢᠷᠦᠭᠦᠨ ᠲᠣᠭᠰᠢᠨ ᠨᠢ ᠳᠡᠩᠳᠡᠭᠡᠳ ᠢᠷᠡᠪᠡᠯ
ᠰᠢᠷᠡᠭᠡᠨ ᠡᠴᠡ ᠪᠡᠨ ᠰᠢᠯᠵᠢᠳᠡᠭ ᠶᠣᠰᠣ ᠪᠣᠢ

ᠬᠣᠷᠸ᠎ᠠ ᠳᠡᠯᠡᠬᠡᠢ ᠳ᠋ᠦ᠍ ᠠᠢᠯ ᠭᠡᠵᠦ ᠶᠠᠪᠤᠬᠤ ᠳ᠋ᠤ᠌
ᠬᠣᠭᠰᠢᠯ ᠬᠥᠷᠥᠩᠭᠡ ᠴᠤᠭᠯᠠᠭᠤᠯᠳᠠᠭ ᠴᠤ᠌ ᠭᠡᠯ᠎ᠡ
ᠬᠣᠵᠢᠮ ᠢ᠋ᠶ᠋ᠠᠨ ᠬᠡᠷᠡᠭ ᠦᠭᠡᠢ ᠢᠯᠡᠭᠦᠳᠡᠵᠦ ᠮᠠᠭᠤᠳᠠᠭᠰᠠᠨ ᠢ᠋ ᠨᠢ
ᠬᠣᠭ ᠳᠡᠭᠡᠷ᠎ᠡ ᠠᠪᠠᠴᠢᠭᠠᠳ ᠬᠠᠶᠠᠳᠠᠭ ᠶᠣᠰᠣᠨ ᠪᠣᠢ

ᠳᠡᠭᠡᠷᠡᠬᠢ ᠵᠦᠢᠯ ᠢ᠋ ᠳᠡᠮᠡᠢ ᠳ᠋ᠦ᠍ ᠦᠵᠡᠭᠡᠳ
ᠳᠡᠭᠵᠢᠷᠡᠵᠦ ᠲᠣᠭᠣᠬᠤ ᠦᠭᠡᠢ ᠭᠥᠯᠢᠷᠡᠵᠦ ᠶᠠᠪᠤᠪᠠᠯ
ᠳᠤᠷᠠᠯᠠᠯ ᠬᠠᠢᠷ᠎ᠠ ᠶ᠋ᠢᠨ ᠬᠣᠭ ᠳᠡᠭᠡᠷ᠎ᠡ ᠲᠠᠨ ᠢ᠋
ᠳᠤᠷᠠᠲᠠᠢ ᠳᠤᠷ᠎ᠠ ᠦᠭᠡᠢ ᠴᠦ᠍ ᠬᠠᠶᠠᠬᠤ ᠯᠠ ᠪᠣᠯᠤᠨ᠎ᠠ ᠠ᠋᠃

ᠠᠮᠢᠳᠤᠷᠠᠯ ᠶᠠᠭᠠᠬᠢᠬᠤ ᠪᠣᠢ ᠥᠪᠡᠷ ᠦ᠋ᠨ ᠢ᠋ᠶ᠋ᠡᠨ ᠵᠢᠮ᠎ᠡ ᠪᠡᠷ
ᠠᠯᠭᠤᠷ ᠡᠷᠭᠢᠨ᠎ᠡ ᠤᠤ᠂ ᠲᠦᠷᠭᠡᠨ ᠡᠷᠭᠢᠨ᠎ᠡ ᠤᠤ?
ᠠᠪᠳᠠᠭ ᠰᠠᠨᠵᠠᠢ ᠤᠤ᠂ ᠥᠭᠳᠡᠭ ᠰᠠᠨᠵᠠᠢ ᠤᠤ?
ᠠᠮᠠᠷᠠᠭ ᠨᠢ ᠪᠠᠢᠬᠤ ᠳ᠋ᠤ᠌ ᠶᠠᠭᠤ ᠪᠠᠷ ᠳᠤᠲᠠᠬᠤ ᠪᠣᠢ?

ᠡᠭᠦᠨ ᠢ᠋ ᠠᠪᠤᠶ᠎ᠠ ᠲᠡᠷᠡ ᠶ᠋ᠢ ᠣᠯᠤᠶ᠎ᠠ ᠭᠡᠵᠦ
ᠡᠳ᠋ᠯᠡᠬᠦ ᠮᠢᠨᠢ᠂ ᠡᠮᠦᠰᠬᠦ ᠮᠢᠨᠢ᠂ ᠦᠵᠡᠬᠦ ᠮᠢᠨᠢ ᠭᠡᠵᠦ
ᠡᠨᠡ ᠳᠡᠯᠡᠬᠡᠢ ᠶ᠋ᠢᠨ ᠵᠠᠷᠢᠮ ᠭᠠᠩᠭᠠᠴᠤᠤᠯ ᠰᠢᠭ᠋
ᠡᠷᠳᠡᠨᠢᠲᠦ ᠪᠡᠶ᠎ᠡ ᠪᠡᠨ ᠭᠤᠲᠤᠭᠠᠬᠤ ᠶᠤᠮ ᠴᠢ

ᠡᠷᠯᠢᠭ ᠲᠠᠮᠤ ᠳ᠋ᠤ᠌ ᠳᠥᠭᠥᠬᠦ ᠶᠦᠮ ᠴᠢ
ᠡᠲᠡᠭᠡᠳ ᠭᠠᠯᠵᠠᠭᠤ ᠡᠯᠳᠡᠪ ᠠᠭᠠᠰᠢ ᠪᠠᠷ
ᠡᠷᠡᠭᠦᠯ ᠡᠪᠡᠳᠴᠢᠲᠡᠢ ᠠᠯᠢᠨ ᠪᠣᠯᠬᠤ ᠬᠢᠭᠡᠳ
ᠡᠴᠦᠰ ᠦ᠋ᠨ ᠡᠴᠦᠰ ᠲᠦ᠍ ᠴᠢ ᠬᠥᠮᠦᠨ ᠨᠡᠷ᠎ᠡ ᠲᠠᠢ ᠯᠠ ᠪᠠᠢᠬᠤ ᠨᠢ ᠭᠣᠣᠯ ᠰᠢᠦ᠃

ᠥᠰᠬᠦ ᠶ᠋ᠢᠨ ᠴᠠᠭ ᠲᠤ᠌ ᠰᠢᠬᠢᠷ ᠰᠢᠭ ᠦᠭᠡ ᠶ᠋ᠢ
ᠥᠲᠡᠯᠬᠦ ᠶ᠋ᠢᠨ ᠴᠠᠭ ᠲᠤ᠌ ᠲᠠᠶᠠᠭ ᠰᠢᠭ᠋ ᠦᠭᠡ ᠶ᠋ᠢ
ᠥᠯᠥᠰᠬᠦ ᠶ᠋ᠢᠨ ᠴᠠᠭ ᠲᠤ᠌ ᠥᠭᠡᠬᠦ ᠰᠢᠭ ᠦᠭᠡ ᠶ᠋ᠢ
ᠡᠪᠡᠳᠬᠦ ᠶ᠋ᠢᠨ ᠴᠠᠭ ᠲᠤ᠌ ᠡᠮ ᠰᠢᠭ ᠦᠭᠡ ᠶ᠋ᠢ

ᠠᠯᠤᠰ ᠶᠠᠪᠤᠬᠤ ᠳ᠋ᠤ᠌ ᠤᠨᠤᠭ᠎ᠠ ᠰᠢᠭ᠋ ᠦᠭᠡᠢ ᠦᠭᠡ ᠶ᠋ᠢ
ᠠᠶᠤᠬᠤ ᠶ᠋ᠢᠨ ᠴᠠᠭ ᠲᠤ᠌ ᠵᠡᠪᠰᠡᠭ ᠰᠢᠭ ᠦᠭᠡ ᠶ᠋ᠢ
ᠶᠠᠳᠠᠷᠠᠬᠤ ᠶ᠋ᠢᠨ ᠴᠠᠭ ᠲᠤ᠌ ᠶᠠᠩᠴᠢᠶᠠᠨ ᠰᠢᠭ᠋ ᠦᠭᠡ ᠶ᠋ᠢ
ᠶᠠᠩᠪᠠᠯᠠᠬᠤ ᠶ᠋ᠢᠨ ᠴᠠᠭ ᠲᠤ᠌ ᠴᠢᠴᠧ( ᠮᠠᠰᠢᠨ) ᠰᠢᠭ᠋ ᠦᠭᠡ ᠶ᠋ᠢ

ᠳᠡᠪᠡᠯ ᠣᠯᠳᠠᠬᠤ ᠳ᠋ᠤ᠌ ᠪᠦᠰᠡ ᠪᠣᠯᠬᠤ ᠦᠭᠡ ᠶ᠋ᠢ 
ᠳᠡᠷ᠎ᠡ ᠣᠯᠳᠠᠬᠤ ᠳ᠋ᠤ᠌ ᠬᠥᠨᠵᠢᠯᠡ ᠪᠣᠯᠬᠤ ᠦᠭᠡ ᠶ᠋ᠢ
ᠳᠡᠯᠡᠬᠡᠢ ᠣᠯᠳᠠᠬᠤ ᠳ᠋ᠤ᠌ ᠲᠩᠷᠢ ᠪᠣᠯᠬᠤ ᠦᠭᠡ ᠶ᠋ᠢ
ᠳᠡᠷᠪᠡᠵᠦ ᠶᠠᠪᠤᠬᠤ ᠳ᠋ᠤ᠌ ᠲᠤᠭ ᠪᠣᠯᠬᠤ ᠦᠭᠡ ᠶ᠋ᠢ

ᠡᠨᠡᠬᠡᠨ ᠭᠠᠭᠴᠠ ᠨᠠᠰᠤᠨ ᠳ᠋ᠤ᠌ ᠮᠢᠨᠢ
ᠡᠵᠢ ᠠᠪᠤ ᠬᠡᠯᠡᠳᠡᠭ ᠶᠦᠮ ᠪᠠᠢᠨ᠎ᠠ
ᠡᠷ᠎ᠡ ᠭᠠᠭᠴᠠ ᠪᠡᠶ᠎ᠡ ᠳ᠋ᠦ᠍ ᠮᠢᠨᠢ
ᠡᠬᠡᠨᠡᠷ ᠬᠥᠮᠦᠨ ᠬᠡᠯᠡᠳᠡᠭ ᠶᠦᠮ ᠪᠠᠢᠨ᠎ᠠ᠃

ᠬᠦᠨᠳᠦᠲᠡᠢ ᠴᠢᠳᠠᠯᠲᠠᠢ ᠮᠣᠩᠭᠣᠯ ᠪᠦᠰᠡᠭᠦᠢ
ᠬᠦᠴᠦᠲᠡᠢ ᠠᠲᠠᠯ᠎ᠠ ᠪᠠᠨ ᠤᠶᠠᠬᠠᠨ ᠴᠣᠭᠴᠠᠰ
ᠬᠦᠯᠦᠭ ᠮᠣᠷᠢᠨ ᠤ᠋ ᠣᠩᠭᠣᠨ ᠵᠣ ᠳᠡᠭᠡᠷ᠎ᠡ
ᠬᠥᠮᠦᠨ ᠢ᠋ ᠬᠠᠢᠷᠠᠯᠠᠵᠤ ᠬᠥᠮᠦᠨ ᠢ᠋ ᠳᠦᠷᠦᠭᠦᠯᠦᠨᠡᠮ

ᠰᠢᠯᠤᠭᠤᠨ ᠪᠤᠰᠤ ᠠᠳᠠᠷᠠᠮ᠎ᠠ ᠲᠠᠢ ᠲᠡᠦᠬᠡ ᠶ᠋ᠢᠨ
ᠴᠢᠯᠠᠭᠤᠨ ᠬᠠᠭᠤᠳᠠᠰᠤ ᠨᠤᠭᠤᠳ ᠡᠷᠭᠢᠵᠦ ᠪᠠᠢᠬᠤ ᠳ᠋ᠤ᠌
ᠬᠠᠯᠠᠭᠤᠨ ᠲᠡᠮᠡᠴᠡᠯ ᠦ᠋ᠨ ᠲᠣᠭᠣᠰᠣᠨ ᠳᠤᠮᠳᠠ
ᠪᠦᠯᠢᠶᠡᠨ ᠴᠢᠰᠤ ᠠᠰᠬᠠᠷᠠᠵᠤ ᠪᠠᠢᠬᠤ ᠳ᠋ᠤ᠌

ᠮᠣᠷᠢᠨ ᠴᠡᠷᠢᠭ ᠦ᠋ᠨ ᠰᠡᠲᠡᠷᠡᠭᠰᠡᠨ ᠡᠩᠨᠡᠭᠡ ᠶ᠋ᠢ
ᠮᠣᠩᠭᠣᠯ ᠪᠦᠰᠡᠭᠦᠢ ᠨᠥᠬᠥᠵᠦ ᠶᠠᠪᠤᠭᠰᠠᠨ ᠶᠤᠮ᠂
ᠬᠠᠢᠷᠠᠲᠤ ᠪᠠᠨ ᠲᠡᠪᠡᠷᠢᠳᠡᠭ ᠤᠶᠠᠬᠠᠨ ᠭᠠᠷ ᠲᠠᠭᠠᠨ
ᠬᠠᠲᠠᠲᠠᠢ ᠰᠡᠯᠡᠮ᠎ᠡ ᠠᠳᠬᠤᠵᠤ ᠶᠠᠪᠤᠭᠰᠠᠨ ᠶᠤᠮ᠃

ᠬᠠᠷ᠎ᠠ ᠬᠢᠯᠢᠩ ᠭᠡᠵᠢᠭᠡ ᠪᠡᠨ ᠰᠢᠭᠤᠵᠤ
ᠬᠠᠵᠢ ᠮᠥᠩᠭᠥᠨ ᠳᠤᠭᠤᠯᠠᠭ᠎ᠠ ᠪᠠᠷ ᠳᠠᠷᠤᠭᠤᠯᠵᠤ
ᠨᠠᠢᠷ ᠨᠠᠭᠠᠳᠤᠮ ᠤ᠋ᠨ ᠭᠣᠶᠣᠯᠠᠯ ᠤ᠋ᠨ ᠣᠷᠣᠨ ᠳ᠋ᠤ᠌
ᠨᠠᠷᠢᠨ ᠢᠯᠲᠡᠰᠦᠨ ᠬᠤᠶᠠᠭ ᠲᠠᠭᠠᠷᠠᠭᠤᠯᠵᠤ

ᠰᠠᠭᠠᠯᠢ ᠶ᠋ᠢᠨ ᠬᠤᠪᠢᠩ ᠪᠠᠷᠢᠳᠠᠭ ᠭᠠᠷ ᠲᠠᠭᠠᠨ
ᠰᠠᠷᠠᠨ ᠲᠣᠭᠣᠷᠢᠭ ᠪᠠᠮᠪᠠᠢ ᠠᠭᠰᠠᠵᠤ
ᠢᠰᠬᠡᠷᠦᠭᠡᠳ ᠢᠷᠡᠬᠦ ᠭᠢᠯᠪᠠᠷᠲᠤ ᠰᠤᠮᠤ ᠶ᠋ᠢ
ᠢᠷᠮᠡᠬᠦ ᠴᠦ᠍ ᠦᠭᠡᠢ ᠰᠥᠷᠴᠦ ᠶᠠᠪᠤᠭᠰᠠᠨ

ᠡᠷᠲᠡᠨ ᠦ᠌ ᠴᠤᠤᠲᠤ ᠮᠣᠩᠭᠣᠯ ᠪᠦᠰᠡᠭᠦᠢ ᠶ᠋ᠢᠨ
ᠡᠷᠬᠢᠮ ᠠᠯᠳᠠᠷ ᠢ᠋ ᠡᠷᠭᠦᠬᠦ ᠦᠭᠡᠢ ᠶᠦᠮ ᠪᠣᠯ
ᠡᠵᠢ ᠡᠴᠡ ᠲᠥᠷᠥᠭᠰᠡᠨ ᠮᠣᠩᠭᠣᠯ ᠰᠢᠯᠦᠭᠴᠢ ᠶ᠋ᠢᠨ
ᠡᠨᠡᠬᠡᠨ ᠨᠠᠰᠤᠨ ᠤ᠋ ᠠᠵᠠ ᠳ᠋ᠤ᠌ ᠮᠠᠭᠤ᠃

ᠠᠬᠤᠢ ᠡᠨᠡ ᠮᠣᠩᠭᠣᠯ ᠤ᠋ᠨ ᠢ᠋ᠶ᠋ᠠᠨ
ᠠᠷᠢᠭᠤᠨ ᠲᠡᠮᠡᠴᠡᠯ ᠢ᠋ ᠬᠦᠦ ᠪᠡᠷ ᠢ᠋ᠶ᠋ᠡᠨ ᠳᠡᠮᠵᠢᠭᠰᠡᠨ
ᠠᠤᠭ᠎ᠠ ᠶᠡᠬᠡ ᠮᠠᠷᠭᠠᠰᠢ ᠶ᠋ᠢᠨ ᠲᠥᠯᠥᠭᠡ
ᠠᠮᠤᠭᠤᠯᠠᠩ ᠲᠠᠢᠪᠤᠩ ᠢ᠋ ᠰᠦ ᠪᠡᠷ ᠢ᠋ᠶ᠋ᠡᠨ ᠳᠡᠮᠵᠢᠭᠰᠡᠨ

ᠮᠠᠨ ᠤ᠋ ᠰᠠᠢᠬᠠᠨ ᠮᠣᠩᠭᠣᠯ ᠪᠦᠰᠡᠭᠦᠢ ᠳ᠋ᠦ᠍
ᠬᠥᠮᠦᠨ ᠦ᠌ ᠰᠠᠢᠬᠠᠨ ᠴᠥᠮ ᠪᠦᠷᠢᠳᠦᠭᠰᠡᠨ ᠶᠦ᠍ᠮ
ᠳᠠᠷᠤᠤ ᠰᠠᠢᠬᠠᠨ ᠵᠠᠩ ᠴᠢᠨᠠᠷ ᠲᠤᠨᠢ
ᠢᠷᠠᠭᠤ ᠰᠠᠢᠬᠠᠨ ᠤᠪᠠᠳᠢᠰ ᠰᠢᠩᠭᠡᠭᠰᠡᠨ ᠶᠦᠮ᠃

ᠡᠪᠡᠷ ᠨᠤᠮᠤ ᠰᠢᠭ᠋ ᠬᠠᠷᠠᠬᠠᠨ ᠬᠥᠮᠥᠰᠬᠡ ᠲᠡᠢ
ᠡᠷᠪᠡᠬᠡᠢ ᠰᠢᠭ ᠠᠯᠠᠭ ᠨᠢᠳᠦ ᠪᠡᠷ ᠢ᠋ᠶ᠋ᠡᠨ
ᠲᠠᠯ᠎ᠠ ᠳ᠋ᠤ᠌ ᠪᠦᠴᠢᠭᠰᠡᠨ ᠰᠦᠷᠦᠭ ᠢ᠋ᠶ᠋ᠡᠨ ᠲᠣᠭᠠᠯᠠᠬᠤ ᠰᠢᠭ᠋
ᠲᠠᠨ ᠤ᠋ ᠮᠢᠨᠦ ᠰᠡᠳᠬᠢᠯ ᠢ᠋ ᠤᠩᠰᠢᠳᠠᠭ

ᠲᠡᠨᠳᠡ ᠡᠨᠳᠡᠬᠢ ᠶ᠋ᠢᠨ ᠪᠣᠳᠣᠭ ᠲᠦᠷᠬᠢᠯ ᠦᠭᠡᠢ
ᠲᠡᠭᠷᠢ ᠶ᠋ᠢᠨ ᠬᠠᠶᠠᠭᠠᠨ ᠤ᠋ ᠪᠠᠨ ᠥᠩᠭᠡ ᠲᠡᠢ ᠲᠥᠷᠥᠭᠰᠡᠨ
ᠨᠠᠮᠤᠭᠤ ᠴᠡᠴᠡᠭ ᠰᠢᠭ ᠠᠷᠢᠭᠤᠬᠠᠨ ᠤᠷᠤᠭᠤᠯ ᠢ᠋ᠶ᠋ᠠᠷ
ᠨᠠᠰᠤᠨ ᠤ᠋ ᠵᠢᠷᠭᠠᠯ ᠢ᠋ ᠰᠢᠪᠡᠨᠡᠨ ᠬᠡᠯᠡᠳᠡᠭ

ᠬᠠᠷᠠᠯᠠᠵᠤ ᠮᠠᠭᠤᠳᠠᠭ᠎ᠠ ᠦᠭᠡᠢ ᠡᠷᠡᠭᠦᠯ ᠲᠡᠭᠰᠢᠬᠡᠨ
ᠬᠠᠷᠠᠩᠭᠤᠢ ᠳ᠋ᠤ᠌ ᠬᠠᠷᠠᠭᠳᠠᠬᠤ ᠴᠠᠭᠠᠨ ᠰᠢᠳᠦ ᠪᠡᠷ ᠢ᠋ᠶ᠋ᠡᠨ
ᠬᠠᠯᠠᠭᠤᠨ ᠭᠣᠪᠢ ᠳ᠋ᠤ᠌ ᠰᠡᠷᠢᠭᠦᠦ ᠲᠠᠲᠠᠲᠠᠯ᠎ᠠ
ᠬᠠᠩᠭᠢᠨᠠᠲᠠᠯ᠎ᠠ ᠰᠠᠢᠬᠠᠨ ᠢᠰᠬᠡᠷᠴᠦ ᠴᠢᠳᠠᠳᠠᠭ

ᠡᠷᠦᠬᠡ ᠲᠠᠲᠠᠵᠤ ᠂ ᠲᠣᠭᠣᠨᠣᠲᠤ ᠢᠰᠡᠭᠡᠢ ᠭᠡᠷ ᠲᠡᠭᠡᠨ
ᠥᠷᠯᠥᠭᠡᠨ ᠦ᠌ ᠨᠠᠷᠠ ᠶ᠋ᠢ ᠠᠪᠴᠢᠷᠠᠳᠠᠭ ᠭᠠᠷ ᠢ᠋ᠶ᠋ᠠᠷ ᠢ᠋ᠶ᠋ᠠᠨ
ᠦᠢᠯᠡ ᠣᠶᠣᠳᠠᠯ ᠂ ᠰᠠᠭᠠᠯᠢ ᠰᠦ
ᠦᠭᠡᠢᠷᠡᠰᠢ ᠦᠭᠡᠢ ᠪᠠᠶᠠᠯᠢᠭ ᠢ᠋ ᠪᠦᠲᠦᠭᠡᠵᠦ ᠥᠭᠳᠡᠭ

ᠨᠠᠭᠤᠷ ᠤ᠋ᠨ ᠬᠤᠨ ᠰᠢᠭ᠋ ᠨᠠᠮᠪᠠ ᠳᠥᠯᠭᠡᠨ
ᠨᠤᠲᠤᠭ ᠤ᠋ᠨ ᠠᠭᠠᠷ ᠰᠢᠭ᠋ ᠠᠭᠠᠰᠢ ᠢᠯᠳᠠᠮ
ᠨᠢᠷᠤᠭᠤ ᠲᠡᠭᠰᠢ ᠪᠡᠶ᠎ᠡ ᠴᠢᠭᠢᠷᠠᠭ
ᠨᠢᠭᠤᠴᠠ ᠦᠭᠡᠢ ᠢᠯᠡ ᠰᠠᠢᠬᠠᠨ ᠰᠡᠳᠬᠢᠯ ᠲᠡᠢ

ᠬᠣᠷᠸ᠎ᠠ ᠳ᠋ᠤ᠌ ᠬᠣᠣᠰ ᠦᠭᠡᠢ ᠮᠣᠩᠭᠣᠯ ᠪᠦᠰᠡᠭᠦᠢ ᠶ᠋ᠢᠨ
ᠬᠣᠲᠠᠯᠠ ᠠᠯᠳᠠᠷ ᠢ᠋ ᠡᠷᠭᠦᠬᠦ ᠦᠭᠡᠢ ᠶᠦᠮ ᠪᠣᠯ
ᠬᠣᠷᠢᠳᠠᠬᠢ ᠵᠠᠭᠤᠨ ᠤ᠋ ᠮᠣᠩᠭᠣᠯ ᠰᠢᠯᠦᠭᠴᠢ ᠶ᠋ᠢᠨ
ᠬᠣᠢᠴᠢ ᠬᠣᠢᠰᠢᠳᠠ ᠶ᠋ᠢᠨ ᠵᠠᠶᠠᠭᠠᠨ ᠳ᠋ᠤ᠌ ᠮᠠᠭᠤ!

ᠭᠠᠩᠭᠠᠩ ᠭᠠᠩᠭᠠᠩ ᠴᠡᠴᠡᠭᠡᠰ ᠳᠤᠮᠳᠠ ᠠ᠋ᠴᠠ
ᠭᠡᠷᠡᠯ ᠦ᠋ᠨ ᠴᠡᠴᠡᠭ ᠲᠣᠳᠣᠬᠠᠨ ᠪᠠᠢᠳᠠᠭ
ᠭᠠᠵᠠᠷ ᠭᠠᠵᠠᠷ ᠤ᠋ᠨ ᠬᠡᠦᠬᠡᠨ ᠨᠦ᠍ᠭᠦᠳ ᠳᠤᠮᠳᠠ ᠠ᠋ᠴᠠ
ᠮᠣᠩᠭᠣᠯ ᠪᠦᠰᠡᠭᠦᠢ ᠰᠣᠳᠣᠬᠠᠨ ᠪᠠᠢᠳᠠᠭ ᠶᠤᠮ ᠃

ᠳᠡᠪᠡᠩ ᠭᠠᠯᠪᠠ ᠠ᠋ᠴᠠ ᠥᠨᠥ ᠶ᠋ᠢ ᠬᠦᠷᠦᠭᠰᠡᠨ
ᠳᠡᠯᠭᠡᠷ ᠶᠡᠬᠡ ᠮᠣᠩᠭᠣᠯ ᠣᠷᠣᠨ ᠢ᠋ᠶ᠋ᠠᠨ
ᠳᠡᠯᠡᠬᠡᠢ ᠶ᠋ᠢᠨ ᠳᠠᠩᠰᠠᠨ ᠳ᠋ᠤ᠌ ᠡᠷᠭᠦᠨ ᠲᠠᠯᠪᠢᠭᠰᠠᠨ
ᠳᠡᠭᠡᠳᠦ ᠶ᠋ᠢᠨ ᠵᠠᠶᠠᠭᠠᠲᠤ ᠮᠣᠩᠭᠣᠯ ᠪᠦᠰᠡᠭᠦᠢ ᠶ᠋ᠢᠨ

ᠠᠯᠳᠠᠷ ᠠᠯᠳᠠᠷ ᠠ᠋ᠴᠠ ᠥᠨᠳᠥᠷ ᠠᠯᠳᠠᠷ ᠢ᠋
ᠠᠷᠢᠭᠤᠨ ᠪᠦᠬᠦᠨ ᠡᠴᠡ ᠠᠷᠢᠭᠤᠬᠠᠨ ᠪᠠᠢᠭ ᠭᠡᠵᠦ
ᠲᠩᠷᠢᠯᠢᠭ ᠢᠷᠦᠭᠡᠯ ᠢ᠋ᠶ᠋ᠡᠨ ᠳᠡᠪᠰᠢᠭᠦᠯᠦᠨ ᠪᠠᠷᠢᠶ᠎ᠠ
ᠲᠡᠭᠡᠪᠡᠴᠦ ᠪᠠᠰᠠ ᠬᠡᠯᠡᠬᠦ ᠦᠭᠡ ᠪᠠᠢᠨ᠎ᠠ ᠃

ᠮᠣᠩᠭᠣᠯ ᠪᠦᠰᠡᠭᠦᠢ ᠮᠢᠨᠢ ᠣᠳᠣ ᠴᠢ
ᠮᠣᠷᠢ ᠲᠠᠢ ᠨᠣᠴᠣᠯᠳᠤᠳᠠᠭ ᠴᠠᠭ ᠪᠢᠰᠢ ᠠ᠋
ᠡᠷᠲᠡ ᠤᠷᠢᠳᠤ ᠶ᠋ᠢᠨ ᠢ᠋ᠶ᠋ᠡᠨ ᠳᠤᠲᠠᠭᠤ ᠶ᠋ᠢ ᠨᠥᠬᠥᠵᠦ
ᠡᠷᠳᠡᠮ ᠨᠣᠮ ᠲᠠᠢ ᠨᠥᠬᠥᠷᠯᠡᠳᠡᠭ ᠴᠠᠭ ᠠ᠋

ᠭᠡᠲᠡᠯ᠎ᠡ ᠴᠢ ᠨᠢᠭᠤᠷ ᠢ᠋ᠶ᠋ᠠᠨ ᠪᠣᠳᠣᠭᠠᠳ
ᠭᠡᠷ ᠦ᠋ᠨ ᠬᠠᠯᠠᠲ ᠲᠤ᠌ ᠬᠥᠯᠪᠡᠷᠢᠵᠦ ᠪᠠᠢᠬᠤ ᠶᠤᠮ
ᠭᠡᠷᠭᠡᠢ ᠭᠡᠳᠡᠭ ᠢᠪᠴᠤᠤ ᠭᠣᠷᠲᠢᠭ ᠲᠤ᠌
ᠠᠷᠭᠠᠮᠵᠢᠶ᠎ᠠ ᠲᠠᠢ ᠪᠣᠲᠣᠭᠣ ᠰᠢᠭ᠋ ᠡᠷᠭᠢᠵᠦ ᠪᠠᠢᠬᠤ ᠶᠤᠮ

ᠲᠤᠯᠭ᠎ᠠ ᠵᠤᠤᠬ᠎ᠠ ᠪᠠᠨ ᠪᠯᠢᠲ᠋ᠺ ᠢ᠋ᠶ᠋ᠡᠷ ᠰᠣᠯᠢᠵᠤ
ᠲᠣᠩᠬᠤᠤ ᠰᠠᠪᠠ ᠪᠠᠨ ᠨᠢᠺᠧᠯ ᠢ᠋ᠶ᠋ᠡᠷ ᠬᠠᠯᠠᠵᠤ
ᠴᠠᠪᠠᠤᠳᠠᠵᠤ ᠨᠠᠭᠠᠭᠰᠠᠨ ᠦᠰᠦᠨ ᠦ᠌ ᠣᠷᠣᠨ ᠳ᠋ᠤ᠌
ᠴᠠᠭᠠᠷᠢᠭ ᠤ᠋ᠨ ᠪᠤᠷᠵᠢᠢᠯᠭ᠎ᠠ ᠬᠢᠯᠭᠡᠵᠦ ᠠᠪᠤᠭᠠᠳ

ᠠᠭᠤᠵᠢᠭᠤ ᠳᠡᠪᠡᠯ ᠢ᠋ᠶ᠋ᠡᠨ ᠨᠠᠷᠢᠨ ᠪᠣᠯᠭᠠᠵᠤ
ᠤᠷᠲᠤ ᠬᠣᠷᠮᠣᠢ ᠪᠠᠨ ᠪᠣᠭᠣᠨᠢ ᠪᠣᠯᠭᠠᠵᠤ
ᠬᠣᠷᠢᠳᠤᠭᠠᠷ ᠵᠠᠭᠤᠨ ᠤ᠋ ᠨᠠᠷᠠ ᠶ᠋ᠢ ᠵᠥᠪᠬᠡᠨ
ᠬᠣᠩᠭᠣ ᠭᠤᠶᠠᠨ ᠳ᠋ᠠᠭᠠᠨ ᠲᠤᠰᠬᠠᠭᠰᠠᠨ ᠪᠠᠢᠬᠤ ᠶᠤᠮ

ᠠᠷᠠᠢ ᠳᠥᠩᠭᠡᠭᠦᠷ ᠨᠢ ᠭᠠᠳᠠᠭᠠᠳᠤ ᠣᠷᠣᠨ ᠤ᠋
ᠠᠷᠪᠠᠨ ᠲᠥᠭᠥᠷᠢᠭ ᠦ᠋ᠨ ᠮᠤᠤᠳ᠋ ᠤ᠋ᠨ ᠰᠡᠳᠬᠦᠯ ᠡᠴᠡ
ᠠᠷᠵᠠᠭᠠᠷ ᠰᠠᠨᠳᠠᠯᠢ᠂ ᠲᠷᠠᠼᠸᠼ ᠥᠮᠥᠳᠥ
ᠠᠷᠠᠰᠤᠨ ᠪᠠᠩᠵᠠᠯ᠂ ᠵᠠᠳᠠᠭᠠᠢ ᠦᠰᠦ

ᠨᠢᠭᠤᠷ ᠳᠦᠭᠦᠷᠡᠩ ᠲᠣᠭᠣᠷᠢᠭ ᠰᠢᠯ
ᠨᠢᠳᠦ ᠳᠦᠭᠦᠷᠡᠩ ᠴᠡᠩᠬᠡᠷ ᠪᠣᠳᠣᠭ
ᠰᠡᠲᠡᠷ ᠰᠠᠮᠠᠭᠤᠨ ᠭᠠᠳᠠᠭᠠᠳᠤ ᠶ᠋ᠢᠨ ᠬᠢᠨ ᠳ᠋ᠦ᠍ ᠬᠡᠯᠡᠬᠦ
《 ᠰᠡᠢᠷᠦ᠋ᠰ》ᠭᠡᠳᠡᠭ ᠭᠠᠭᠴᠠ ᠦᠭᠡ

ᠥᠷᠥᠨ᠎ᠡ ᠬᠢᠴᠡ ᠶ᠋ᠢᠨ ᠭᠤᠲᠤᠯ ᠤ᠋ᠨ ᠲᠥᠯᠥᠭᠡ
ᠥᠮᠥᠳᠥ ᠪᠡᠨ ᠲᠠᠢᠯᠬᠤ ᠡᠷᠡᠭᠡ ᠦᠭᠡᠢ ᠵᠠᠩ
ᠰᠢᠷᠠᠵᠠ ᠫᠢᠸᠣ ᠂ ᠱᠦᠭᠦᠷ ᠲᠡᠢ ᠶᠠᠩᠵᠤᠤᠷ
ᠱᠠᠯᠳᠠᠩ ᠬᠡᠦᠬᠡᠨ ᠲᠡᠢ ᠡᠷᠢᠶᠡᠨ ᠬᠥᠵᠥᠷ

ᠡᠨᠡ ᠲᠡᠳᠦᠢ ᠶ᠋ᠢ ᠰᠤᠷᠴᠤ ᠠᠪᠤᠭᠠᠳ
ᠡᠷᠬᠡ ᠴᠢᠯᠥᠭᠡ ᠬᠡᠮᠡᠵᠦ ᠡᠨᠳᠡᠭᠦᠷᠡᠬᠦ ᠶᠦᠮ
ᠡᠬᠡ ᠣᠷᠣᠨ ᠢ᠋ᠶ᠋ᠠᠨ ᠭᠤᠲᠤᠭᠠᠵᠤ ᠶᠠᠪᠤᠭᠠᠳ
ᠡᠷᠳᠡᠮ ᠰᠤᠷᠤᠯ᠎ᠠ ᠬᠡᠮᠡᠵᠦ ᠠᠨᠳᠠᠭᠤᠷᠠᠬᠤ ᠶᠤᠮ᠃

ᠬᠣᠷᠢᠳᠤᠭᠠᠷ ᠵᠠᠭᠤᠨ ᠤ᠋ ᠠᠶᠠᠰ ᠳᠠᠭᠠᠵᠤ
ᠬᠣᠲᠠ ᠪᠠᠷᠠᠳᠠᠬᠤ ᠨᠢ ᠪᠤᠷᠤᠭᠤ ᠪᠢᠰᠢ ᠴᠦ᠍
ᠬᠣᠷᠸ᠎ᠠ ᠳ᠋ᠤ᠌ ᠬᠣᠣᠰ ᠦᠭᠡᠢ ᠮᠣᠩᠭᠣᠯ ᠪᠦᠰᠡᠭᠦᠢ ᠴᠢ
ᠬᠣᠭ ᠰᠠᠮᠤᠷᠳᠠᠬᠤ ᠠᠷᠠᠢ ᠪᠣᠯᠤᠭ᠎ᠠ ᠦᠭᠡᠢ ᠠ᠋ !

ᠬᠤᠪᠢᠰᠬᠠᠯ ᠤ᠋ᠨ ᠠᠴᠢ ᠪᠠᠷ ᠨᠢᠳᠦ ᠲᠠᠢᠯᠵᠤ
ᠬᠠᠭᠤᠴᠢᠨ ᠢ᠋ᠶ᠋ᠠᠨ ᠬᠠᠯᠠᠬᠤ ᠨᠢ ᠵᠥᠪ ᠭᠡᠯ᠎ᠡ ᠴᠦ᠍
ᠬᠤᠭᠤᠷ ᠲᠠᠭᠠᠨ ᠳᠠᠭᠤᠤ ᠲᠠᠢ ᠮᠣᠩᠭᠣᠯ ᠪᠦᠰᠡᠭᠦᠢ ᠴᠢ
ᠬᠤᠯᠮᠤᠰᠤ ᠰᠢᠩᠰᠢᠯᠡᠬᠦ ᠠᠷᠠᠢ ᠪᠣᠯᠤᠭ᠎ᠠ ᠦᠭᠡᠢ ᠠ᠋!

ᠴᠠᠭᠠᠰᠤᠨ ᠭᠤᠲᠤᠯ ᠂ ᠨᠸᠢᠢᠯᠤᠨ ᠤ᠋ ᠲᠥᠯᠥᠭᠡ
ᠴᠢᠷᠠᠢ ᠠᠯᠲᠠᠨ ᠨᠢᠴᠦᠭᠦᠯᠡᠵᠦ ᠶᠠᠪᠤᠭᠰᠠᠨ ᠠ᠋ᠴᠠ
ᠨᠣᠣᠰᠣᠨ ᠳᠠᠪᠤᠤ ᠶ᠋ᠢᠨ ᠡᠬᠡ ᠣᠷᠣᠨ ᠳ᠋ᠠᠭᠠᠨ
ᠬᠣᠭᠣᠰᠣᠨ ᠬᠣᠨᠣᠭᠰᠠᠨ ᠴᠤ᠌ ᠶᠠᠭᠠᠬᠢᠳᠠᠭ ᠶᠤᠮ ᠪᠣᠢ ?

ᠵᠠᠵᠢᠯᠳᠠᠭ ᠪᠣᠬᠢ ᠂ ᠲᠪᠢᠰᠲ ᠦ᠋ᠨ ᠬᠣᠢᠨ᠎ᠠ ᠠ᠋ᠴᠠ
ᠵᠢᠭᠠᠰᠤ ᠰᠢᠭ᠋ ᠳᠡᠭᠡᠭᠡᠳᠡᠭᠦᠯᠵᠦ ᠶᠠᠪᠤᠭᠰᠠᠨ ᠠ᠋ᠴᠠ
ᠨᠠᠭᠤᠷ ᠰᠢᠭ᠋ ᠬᠥᠳᠡᠭᠡ ᠳ᠋ᠡᠭᠡᠨ ᠭᠡᠳᠡᠰᠦ ᠴᠠᠳᠬᠤᠯᠠᠩ
ᠨᠤᠭᠤᠰᠤ ᠰᠢᠭ᠋ ᠭᠠᠩᠭᠠᠨᠠᠭᠠᠳ ᠴᠡᠩᠭᠡᠵᠦ ᠦᠵᠡᠭᠡᠴᠢ ᠠ᠋ ᠃

ᠣᠷᠴᠢᠯᠠᠩ ᠤ᠋ᠨ ᠲᠡᠦᠬᠡ ᠶ᠋ᠢ ᠪᠢᠴᠢᠭᠰᠡᠨ ᠣᠷᠣᠨ ᠤ᠋
ᠥᠬᠢᠨ ᠨᠣᠢᠲᠠᠨ ᠬᠡᠦᠬᠡᠳ ᠲᠠ ᠨᠠᠷ ᠢ᠋
ᠬᠥᠬᠡ ᠮᠣᠩᠭᠣᠯ ᠤ᠋ᠨ ᠪᠤᠭᠤᠷᠤᠯ ᠪᠠᠭᠠᠲᠤᠷ ᠤ᠋ᠳ
ᠬᠦ ᠬᠤᠶᠠᠭ ᠤ᠋ᠨ ᠳᠡᠭᠡᠷ᠎ᠡ ᠪᠡᠨ ᠡᠷᠬᠡᠯᠡᠭᠦᠯᠵᠦ ᠥᠰᠬᠡᠭᠰᠡᠨ ᠶᠦᠮ

ᠠᠹᠷᠢᠺᠠ ᠬᠡᠮᠡᠬᠦ ᠬᠠᠯᠠᠭᠤᠨ ᠲᠢᠪ ᠦ᠋ᠨ
ᠠᠵᠠ ᠮᠠᠭᠤᠲᠠᠢ ᠪᠠᠷᠠᠭᠠᠨ ᠬᠡᠦᠬᠡᠨ ᠨᠦ᠍ᠭᠦᠳ ᠰᠢᠭ
ᠵᠠᠷᠤᠴᠠ ᠪᠣᠭᠣᠯ ᠪᠣᠯᠵᠤ ᠬᠡᠵᠢᠶ᠎ᠡ ᠴᠦ᠍ ᠲᠠ ᠨᠠᠷ
ᠵᠠᠬ᠎ᠠ ᠳᠡᠭᠡᠷ᠎ᠡ ᠬᠤᠳᠠᠯᠳᠤᠭᠳᠠᠬᠤ ᠵᠣᠪᠠᠯᠠᠩ ᠦᠵᠡᠭᠡ ᠦᠭᠡᠢ!

ᠬᠥᠯ ᠢ᠋ᠶ᠋ᠡᠨ ᠬᠠᠲᠠᠭᠠᠯᠭᠠᠭᠠᠳ ᠬᠢᠲᠠᠳ ᠡᠮ᠎ᠡ ᠰᠢᠭ 
ᠬᠥᠭᠰᠢᠨ ᠲᠠᠭᠲᠠᠭ᠎ᠠ ᠰᠢᠭ᠋ ᠠᠯᠴᠠᠭᠠᠨᠠᠵᠤ ᠶᠠᠳᠠᠨ
ᠳᠣᠷᠣᠨ᠎ᠠ ᠥᠷᠥᠨ᠎ᠡ ᠶ᠋ᠢᠨ ᠢᠨᠢᠶᠡᠳᠦᠮ ᠪᠣᠯᠤᠭ᠎ᠠ ᠦᠭᠡᠢ !
ᠲᠣᠭᠰᠢᠨ ᠡᠪᠦᠭᠡ ᠴᠢᠨᠢ ᠲᠠ ᠨᠠᠷ ᠢ᠋ ᠲᠣᠷᠣᠮᠵᠢᠯᠠᠭ᠎ᠠ ᠦᠭᠡᠢ!

ᠠᠯᠤᠰ ᠹᠷᠠᠨᠼᠢ ᠰᠢᠭ᠋ ᠪᠡᠶ᠎ᠡ ᠪᠡᠨ ᠱᠠᠯᠳᠠᠯᠠᠭᠤᠯᠵᠤ
ᠠᠳᠤᠭᠤᠰᠤᠨ ᠠ᠋ᠴᠠ ᠳᠣᠣᠷ᠎ᠠ ᠵᠢᠷᠤᠭ ᠤ᠋ᠳ
ᠲᠠᠲᠠᠭᠤᠯᠵᠤ
ᠠᠷᠠᠪ ᠬᠡᠦᠬᠡᠨ ᠨᠦ᠍ᠭᠦᠳ ᠰᠢᠭ ᠬᠠᠷ᠎ᠠ ᠲᠠᠮᠠᠬᠢᠨ ᠳ᠋ᠤ᠌
ᠠᠮᠢᠳᠤ ᠪᠠᠷ ᠢ᠋ᠶ᠋ᠠᠨ ᠰᠢᠯᠵᠠᠷᠠᠭ᠎ᠠ ᠦᠭᠡᠢ ᠮᠣᠩᠭᠣᠯ ᠬᠡᠦᠬᠡᠨ!

ᠪᠤᠰᠤᠳ ᠭᠠᠵᠠᠷ ᠭᠤᠶᠤᠯᠭᠠᠴᠢᠨ ᠶᠠᠩᠬᠠᠨ ᠤ᠋
ᠪᠤᠵᠠᠷ ᠵᠠᠮ ᠢ᠋ᠶ᠋ᠠᠷ ᠲᠠ ᠨᠠᠷ ᠢ᠋ ᠶᠠᠪᠤᠭᠤᠯᠤᠭ᠎ᠠ ᠦᠭᠡᠢ
ᠪᠤᠶᠠᠨ ᠤ᠋ ᠪᠠᠨ ᠰᠠᠩ ᠢ᠋ ᠲᠦᠰᠢᠭᠦᠯᠵᠦ ᠦᠯᠡᠳᠡᠭᠡᠭᠰᠡᠨ
ᠪᠤᠭᠤᠷᠤᠯ ᠡᠬᠡ ᠣᠷᠣᠨ ᠴᠢᠨᠢ ᠡᠨᠡ ᠪᠠᠢᠨ᠎ᠠ!

ᠢᠳᠡᠬᠦ ᠡᠮᠦᠰᠬᠦ ᠪᠡᠷ ᠬᠡᠵᠢᠶ᠎ᠡ ᠴᠦ᠍ ᠳᠤᠲᠠᠬᠤ ᠦᠭᠡᠢ
ᠢᠲᠡᠭᠡᠬᠦ ᠠᠮᠠᠷᠠᠭ ᠬᠠᠮᠢᠭ᠎ᠠ ᠠ᠋ᠴᠠ ᠴᠤ᠌ ᠡᠷᠢᠬᠦ ᠦᠭᠡᠢ
ᠢᠷᠡᠭᠰᠡᠨ ᠪᠦᠬᠦᠨ ᠦ᠌ ᠨᠢᠳᠦ ᠶ᠋ᠢ ᠪᠤᠯᠢᠶᠠᠭᠰᠠᠨ
ᠡᠢᠮᠦ ᠣᠷᠣᠨ ᠢ᠋ ᠳᠠᠬᠢᠭᠠᠳ ᠬᠠᠮᠢᠭ᠎ᠠ ᠠ᠋ᠴᠠ ᠴᠤ᠌ ᠣᠯᠬᠤ ᠦᠭᠡᠢ!

ᠳᠡᠯᠭᠡᠷ ᠪᠠᠶᠠᠨ ᠡᠢᠮᠦ ᠣᠷᠣᠨ ᠤ᠋
ᠳᠡᠩᠳᠡᠭᠦᠦ ᠲᠠᠩᠬᠢᠯ ᠦᠷ᠎ᠡ ᠠᠴᠢ ᠨᠠᠷ ᠮᠢᠨᠢ
ᠳᠡᠭᠡᠳᠦ ᠶ᠋ᠢᠨ ᠵᠡᠷᠭᠡ ᠲᠡᠢ ᠰᠠᠢᠨ ᠶᠠᠪᠤᠶ᠎ᠠ ᠭᠡᠪᠡᠯ
ᠳᠡᠯᠡᠬᠡᠢ ᠳ᠋ᠠᠬᠢᠨ ᠠ᠋ᠴᠠ ᠡᠷᠳᠡᠮ ᠢ᠋ ᠨᠢ ᠰᠤᠷ !

ᠥᠷᠥᠨ᠎ᠡ ᠶ᠋ᠢᠨ ᠨᠢᠳᠦ ᠪᠡᠷ ᠳᠣᠷᠣᠨ᠎ᠠ ᠶ᠋ᠢᠨ ᠬᠥᠮᠦᠨ
ᠥᠩᠭᠡᠲᠦ ᠶᠢᠷᠲᠢᠨᠴᠦ ᠶ᠋ᠢ ᠬᠠᠷᠠᠵᠤ ᠪᠣᠯᠳᠠᠭ ᠦᠭᠡᠢ ᠶᠦᠮ
ᠡᠮᠦᠰᠴᠦ ᠡᠳ᠋ᠯᠡᠬᠦ ᠂ ᠢᠳᠡᠬᠦ ᠤᠤᠭᠤᠬᠤ ᠪᠠᠨ
ᠥᠪᠡᠷ ᠦ᠋ᠨ ᠭᠠᠷ ᠢ᠋ᠶ᠋ᠠᠷ ᠬᠢᠵᠦ ᠰᠤᠷ !

ᠬᠠᠯᠠᠭᠤᠨ ᠡᠯᠢᠭᠡᠨ ᠮᠣᠩᠭᠣᠯ ᠡᠷᠡᠴᠦᠳ ᠢ᠋ᠶ᠋ᠡᠨ
ᠬᠠᠢᠷᠠᠯᠠᠭᠰᠠᠨ ᠰᠢᠭ᠋ ᠬᠠᠢᠷᠠᠯᠠᠵᠤ ᠰᠤᠷ᠂
ᠬᠠᠮᠲᠤ ᠶ᠋ᠢᠨ ᠵᠢᠷᠭᠠᠯ ᠢ᠋ᠶ᠋ᠠᠨ ᠨᠢᠭᠡᠨᠲᠡ ᠶᠠᠷᠢᠭᠰᠠᠨ ᠪᠣᠯ
ᠬᠠᠨᠢᠯᠠᠭᠰᠠᠨ ᠰᠢᠭ᠋ ᠬᠠᠨᠢᠯᠠᠵᠤ ᠰᠤᠷ!

ᠡᠪᠦᠭᠡ ᠡᠴᠡ ᠤᠳᠤᠮ ᠲᠠᠢ ᠮᠣᠩᠭᠣᠯ ᠪᠦᠰᠡᠭᠦᠢ ᠶ᠋ᠢᠨ
ᠥᠨᠳᠥᠷ ᠠᠯᠳᠠᠷ ᠢ᠋ ᠭᠤᠲᠤᠭᠠᠬᠤ ᠰᠢᠬᠠᠭᠰᠠᠨ
ᠥᠨᠥ ᠶ᠋ᠢᠨ ᠵᠠᠷᠢᠮ ᠬᠡᠢᠰᠪᠦᠷᠢ ᠡᠮᠡᠰ ᠢ᠋
ᠥᠴᠢᠯᠡᠬᠦ ᠦᠭᠡᠰ ᠢ᠋ᠶ᠋ᠡᠨ ᠡᠭᠦᠪᠡᠷ ᠳᠠᠭᠤᠰᠬᠠᠶ᠎ᠠ!

ᠶᠠᠭᠠᠨ ᠫᠠᠩᠰᠠᠨ ᠬᠥᠰᠢᠭᠡᠨ ᠳᠡᠭᠡᠷ᠎ᠡ
ᠢᠯᠠᠭ᠎ᠠ ᠠᠯᠠᠭᠰᠠᠨ ᠪᠣᠬᠢᠷ ᠲᠣᠯᠪᠣ ᠰᠢᠭ᠋
ᠢᠷᠠᠭᠤ ᠤᠶᠠᠩᠭ᠎ᠠ ᠶ᠋ᠢᠨ ᠨᠠᠢᠷᠠᠭᠯᠠᠯ ᠳ᠋ᠤ᠌ ᠮᠢᠨᠢ
ᠶᠠᠭ ᠦᠭᠡᠢ ᠴᠢᠷᠦᠭᠳᠡᠯ ᠪᠣᠯᠤᠭᠰᠠᠨ ᠡᠨᠡ ᠬᠡᠰᠡᠭ ᠢ᠋

ᠬᠣᠲᠠᠯᠠ ᠮᠣᠩᠭᠣᠯ ᠤ᠋ᠨ ᠬᠡᠦᠬᠡᠨ ᠪᠦᠬᠦᠨ ᠲᠡᠢ
ᠬᠣᠯᠪᠣᠵᠤ ᠪᠢᠲᠡᠭᠡᠢ ᠣᠢᠯᠠᠭᠠᠭᠠᠷᠠᠢ ᠲᠠ
ᠬᠣᠷᠮᠣᠢ ᠶ᠋ᠢᠨ ᠳᠠᠪ ᠱᠦᠭᠯᠡᠭᠰᠡᠨ ᠪᠣᠯ
ᠬᠣᠯᠠᠳᠴᠤ ᠪᠢᠲᠡᠭᠡᠢ ᠨᠢᠭᠤᠭᠳᠠᠭᠠᠷᠠᠢ ᠪᠠᠰᠠ!

ᠨᠠᠢᠷᠠᠭᠯᠠᠯ ᠪᠠᠢᠲᠤᠭᠠᠢ ᠠᠮᠠᠷᠠᠭᠯᠠᠯ ᠳᠣᠲᠣᠷ᠎ᠠ
ᠠᠭᠤᠷᠯᠠᠬᠤ ᠂ ᠬᠠᠢᠷᠠᠯᠠᠬᠤ ᠠᠯᠠᠭᠯᠠᠨ ᠪᠠᠢᠳᠠᠭ
ᠨᠠᠩᠴᠢᠳ ᠤ᠋ᠨ ᠭᠠᠭᠴᠠ ᠯᠣᠩᠬᠣᠨ ᠳᠣᠲᠣᠷ᠎ᠠ
ᠤᠰᠤ ᠰᠫᠣᠷᠲ ᠬᠣᠯᠢᠯᠳᠤᠨ ᠪᠠᠢᠳᠠᠭ

ᠳᠡᠭᠡᠷ᠎ᠡ ᠨᠢ ᠪᠢᠳᠡ ᠭᠠᠯᠪᠠ ᠡᠯᠡᠭᠡᠭᠰᠡᠨ
ᠳᠡᠯᠡᠬᠡᠢ ᠮᠠᠨᠢ ᠴᠤ᠌ ᠢᠯᠭᠠᠭ᠎ᠠ ᠪᠠᠢᠬᠤ ᠦᠭᠡᠢ
ᠡᠳᠦᠷ ᠰᠥᠨᠢ ᠡᠭᠡᠯᠵᠢᠯᠡᠨ ᠣᠷᠣᠰᠢᠵᠤ
ᠥᠩᠬᠥᠷᠢᠵᠦ ᠳᠤᠭᠤᠢᠷᠠᠨ ᠡᠷᠭᠢᠭᠰᠡᠭᠡᠷ ᠪᠠᠢᠳᠠᠭ

ᠡᠷᠲᠡᠨ ᠦ᠌ ᠰᠠᠢᠬᠠᠨ ᠵᠠᠩᠰᠢᠯ ᠰᠣᠶᠣᠯ ᠢ᠋ᠶ᠋ᠠᠨ
ᠡᠷᠭᠢᠵᠦ ᠬᠠᠷᠠᠯ ᠦᠭᠡᠢ ᠬᠠᠶᠠᠵᠤ ᠣᠷᠬᠢᠪᠠᠯ
ᠢᠷᠡᠭᠡᠳᠦᠢ ᠪᠣᠯᠤᠭᠰᠠᠨ ᠵᠠᠯᠭᠠᠮᠵᠢ ᠬᠠᠯᠠᠭ᠎ᠠ ᠴᠢᠨᠢ
ᠡᠴᠦᠰ ᠦ᠋ᠨ ᠡᠴᠦᠰ ᠲᠦ᠍ ᠭᠣᠮᠣᠳᠠᠬᠤ ᠴᠠᠭ ᠢᠷᠡᠨ᠎ᠡ ᠰᠢᠦ!

( 《 ᠰᠦᠮᠡᠳᠡᠢ ᠪᠤᠳᠠᠷ ᠤ᠋ᠨ ᠴᠢᠯᠠᠭᠤ 》 ᠪᠣᠯᠤᠨ ᠂ 《ᠬᠣᠷᠢᠨ ᠨᠢᠭᠡᠳᠦᠭᠡᠷ ᠵᠠᠭᠤᠨ ᠲᠠᠨ᠎ᠠ 》 ᠬᠣᠶᠠᠷ ᠨᠣᠮ ᠤ᠋ᠨ ᠬᠤᠪᠢᠯᠪᠤᠷᠢ ᠶ᠋ᠢ ᠲᠤᠯᠭᠠᠨ ᠬᠠᠷᠭᠤᠭᠤᠯᠵᠤ ᠂ 17 ᠪᠠᠳᠠᠭ ᠵᠥᠷᠢᠵᠦ ᠂ ᠨᠡᠯᠢᠶᠡᠳ ᠦᠭᠡᠰ ᠦ᠋ᠨ ᠨᠠᠢᠷᠠᠭᠤᠯᠭ᠎ᠠ ᠰᠣᠯᠢᠭᠳᠠᠨ᠎ᠠ ᠃)


※ ᠢᠷᠡᠯᠲᠡ᠄
《 ᠷ · ᠴᠥᠢᠨᠦᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠭ᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠳᠬᠡᠨ ᠨᠠᠢᠷᠠᠭᠤᠯᠪᠠ
ᠬᠠᠷᠢᠭᠤᠴᠠᠭᠰᠠᠨ ᠨᠠᠢᠷᠠᠭᠤᠯᠤᠭᠴᠢ ᠄ ᠪᠣᠷᠣᠨᠤᠳ ᠳᠣᠷᠵᠢ

   ᠦᠰᠦᠭ ᠠᠮᠢᠯᠠᠭᠤᠯᠤᠭᠴᠢ᠄ ᠰᠡᠷᠭᠦᠯᠡᠩ᠂ᠠᠵᠠᠵᠠᠶᠠᠭ᠎ᠠ᠂ᠣᠳᠬᠠᠨᠰᠣ ‍ᠠ᠋
   ᠬᠢᠨᠠᠭᠴᠢ᠄ ᠣᠳᠬᠠᠨᠰᠣ᠎ᠠ᠂ᠰᠡᠷᠭᠦᠯᠡᠩ᠂ ᠨᠤᠮᠤᠴᠢᠨ ᠪᠢᠯᠢᠭ