ᠪᠠᠶᠠᠨᠭᠤᠤᠯ- ᠨᠣ·ᠪᠠᠭᠠᠨ᠎ᠠБаянгол-н·багана ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠨᠭᠤᠤᠯ- ᠨᠣ·ᠪᠠᠭᠠᠨ᠎ᠠБаянгол-н·багана

ᠪᠠᠶᠠᠨᠭᠤᠤᠯ- ᠨᠣ·ᠪᠠᠭᠠᠨ᠎ᠠБаянгол-н·багана

ᠠᠩᠭᠢᠯᠠᠯ:ᠳᠠᠭᠤᠤ ᠬᠥᠭᠵᠢᠮ
2023-08-03

311

ᠪᠠᠶᠠᠨᠭᠤᠤᠯ

   ᠨᠣ·ᠪᠠᠭᠠᠨ᠎ᠠ — ᠳᠠᠭᠤᠯᠠᠨ᠎ᠠ 
   ᠦᠭᠡ᠄ ᠠᠯᠲᠠᠨᠵᠢᠮᠢᠰ 
   ᠠᠶ᠎ᠠ᠄ ᠪᠠᠲᠤᠵᠢᠷᠭᠠᠯ 
ᠰᠠᠭᠠᠯᠢ ᠶ᠋ᠢᠨ ᠠᠮᠲᠠᠲᠤ ᠳᠡᠭᠡᠵᠢ ᠪᠡᠨ  
ᠰᠡᠷᠵᠢᠮᠯᠡᠨ ᠡᠷᠭᠦᠳᠡᠭ ᠣᠪᠣᠭ᠎ᠠ ᠲᠠᠢ 
ᠰᠠᠢᠪᠤᠷ ᠵᠢᠷᠣᠭ᠎ᠠ ᠲᠠᠢ 
ᠵᠡᠭᠡᠷᠳᠡ ᠪᠡᠷ ᠢ᠋ᠶ᠋ᠡᠨ 
ᠰᠠᠨᠠᠭ᠎ᠠ ᠪᠠᠷ ᠳᠠᠪᠬᠢᠳᠠᠭ ᠲᠠᠯ᠎ᠠ ᠲᠠᠢ 
ᠰᠠᠨᠠᠭᠳᠠᠨ ᠰᠠᠨᠠᠭᠳᠠᠨ ᠪᠠᠢᠬᠤᠯᠠᠷ 
ᠰᠠᠭᠤᠯᠲᠠᠢ ᠰᠠᠢᠬᠠᠨ ᠪᠠᠶᠠᠨᠭᠤᠤᠯ ᠮᠢᠨᠢ 
ᠳᠤᠷᠠᠯᠠᠯ ᠤ᠋ᠨ ᠤᠶᠠᠷᠠᠭᠤᠨ ᠨᠢᠯᠪᠤᠰᠤ ᠲᠠᠢ 
ᠳᠤᠰᠤᠯᠠᠵᠤ ᠱᠠᠭᠠᠭᠢᠬᠤ ᠪᠠᠷ ᠷᠠᠰᠢᠶᠠᠨ ᠬᠤᠷ᠎ᠠ 
ᠳᠤᠷᠳᠤᠩ ᠠᠯᠴᠢᠭᠤᠷ ᠢ᠋ᠶ᠋ᠠᠨ ᠳᠡᠷᠪᠡᠯᠵᠡᠭᠦᠯᠦᠭᠰᠡᠨ 
ᠳᠤᠯᠠᠯᠵᠠᠬᠤ ᠰᠣᠯᠣᠩᠭ᠎ᠠ ᠨᠢ ᠮᠢᠷᠠᠯᠵᠠᠭᠠᠨ ᠲᠠᠢ
ᠳᠤᠷᠠᠰᠬᠤ ᠶ᠋ᠢᠨ ᠵᠠᠶᠠᠭ᠎ᠠ ᠨᠢ ᠡᠷᠢᠭᠳᠡᠬᠦ
ᠳᠡᠯᠭᠡᠷ ᠬᠠᠩᠭᠠᠢ ᠪᠠᠶᠠᠨᠭᠤᠤᠯ ᠮᠢᠨᠢ
ᠤᠴᠠᠷᠠᠯ ᠤ᠋ᠨ ᠣᠯᠠᠨ ᠨᠠᠢᠵᠠ ᠲᠠᠢ ᠪᠠᠨ 
ᠠᠭᠤᠯᠵᠠᠵᠤ ᠬᠠᠨᠢᠯᠠᠬᠤ ᠶ᠋ᠢᠨ ᠢᠷᠦᠭᠡᠯ ᠲᠡᠢ
ᠤᠶᠠᠩᠭ᠎ᠠ ᠶ᠋ᠢᠨ ᠴᠤᠤᠷᠢᠶ᠎ᠠ ᠲᠠᠢ ᠬᠥᠭᠵᠢᠯ ᠢ᠋ᠶ᠋ᠡᠨ
ᠣᠯᠵᠠᠷᠬᠠᠨ ᠮᠠᠭᠲᠠᠭᠠᠳ ᠨᠠᠷᠭᠢᠯᠳᠤᠳᠠᠭ
ᠤᠶᠠᠷᠠᠬᠤ ᠶ᠋ᠢᠨ ᠡᠷᠬᠡᠨ ᠳ᠋ᠦ᠍ ᠰᠠᠨᠠᠭᠳᠠᠬᠤ
ᠠᠭᠤᠳᠠᠮ ᠲᠡᠨᠢᠭᠦᠨ ᠪᠠᠶᠠᠨᠭᠤᠤᠯ ᠮᠢᠨᠢ
ᠤᠶᠠᠷᠠᠬᠤ ᠶ᠋ᠢᠨ ᠡᠷᠬᠡᠨ ᠳ᠋ᠦ᠍ ᠰᠠᠨᠠᠭᠳᠠᠬᠤ
ᠠᠭᠤᠳᠠᠮ ᠲᠡᠨᠢᠭᠦᠨ ᠪᠠᠶᠠᠨᠭᠤᠤᠯ ᠮᠢᠨᠢ
ᠠᠭᠤᠳᠠᠮ ᠲᠡᠨᠢᠭᠦᠨ ᠪᠠᠶᠠᠨᠭᠤᠤᠯ ᠮᠢᠨᠢ

   ᠦᠰᠦᠭ ᠠᠮᠢᠯᠠᠭᠤᠯᠤᠨ ᠬᠠᠲᠠᠭᠰᠠᠨ ᠄ ᠴᠠᠬᠠᠷ ᠪᠠᠲᠤ
   ᠬᠢᠨᠠᠭᠴᠢ᠄ ᠴᠢᠯᠠᠭᠤ ᠣᠳᠬᠠᠨᠰᠣ᠎ᠠ