ᠴᠠᠭᠠᠨ ᠴᠣᠬᠣᠷ ᠮᠣᠷᠢЦагаан цоохор морь-ᠣᠷᠳᠣᠰ ᠠᠷᠠᠳ ᠤᠨ ᠳᠠᠭᠤᠤ19 ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠴᠣᠬᠣᠷ ᠮᠣᠷᠢЦагаан цоохор морь-ᠣᠷᠳᠣᠰ ᠠᠷᠠᠳ ᠤᠨ ᠳᠠᠭᠤᠤ19

ᠴᠠᠭᠠᠨ ᠴᠣᠬᠣᠷ ᠮᠣᠷᠢЦагаан цоохор морь-ᠣᠷᠳᠣᠰ ᠠᠷᠠᠳ ᠤᠨ ᠳᠠᠭᠤᠤ19

2023-08-02

292

ᠴᠠᠭᠠᠨ ᠴᠣᠬᠣᠷ ᠮᠣᠷᠢ

ᠴᠠᠭᠠᠨ ᠯᠠ ᠴᠣᠬᠣᠷ ᠮᠣᠷᠢᠨ ᠤ᠋ ᠪᠠᠨ 
ᠨᠢᠷᠤᠭᠤᠨ ᠳᠡᠭᠡᠷ᠎ᠡ ᠨᠢ ᠥᠰᠦᠭᠰᠡᠨ ᠶᠦ᠍ᠮ 
ᠴᠠᠭᠠᠨ ᠪᠤᠭᠤᠷᠤᠯ ᠡᠵᠢ ᠶ᠋ᠢᠨ ᠢ᠋ᠶ᠋ᠡᠨ 
ᠡᠪᠦᠷ ᠳᠡᠭᠡᠷ᠎ᠡ ᠨᠢ ᠥᠰᠦᠭᠰᠡᠨ ᠶᠦ᠍ᠮ 

ᠬᠥᠬᠡ ᠯᠡ ᠴᠣᠬᠣᠷ ᠮᠣᠷᠢᠨ ᠤ᠋ ᠪᠠᠨ 
ᠨᠢᠷᠤᠭᠤᠨ ᠳᠡᠭᠡᠷ᠎ᠡ ᠨᠢ ᠥᠰᠦᠭᠰᠡᠨ ᠶᠦ᠍ᠮ 
ᠬᠥᠭᠡᠷᠦᠬᠦᠢ ᠪᠤᠭᠤᠷᠤᠯ ᠡᠵᠢ ᠶ᠋ᠢᠨ ᠢ᠋ᠶ᠋ᠡᠨ 
ᠡᠪᠦᠷ ᠳᠡᠭᠡᠷ᠎ᠡ ᠨᠢ ᠥᠰᠦᠭᠰᠡᠨ ᠶᠦ᠍ᠮ 

ᠬᠠᠷ᠎ᠠ ᠯᠠ ᠴᠣᠬᠣᠷ ᠮᠣᠷᠢᠨ ᠤ᠋ ᠪᠠᠨ 
ᠨᠢᠷᠤᠭᠤᠨ ᠳᠡᠭᠡᠷ᠎ᠡ ᠨᠢ ᠥᠰᠦᠭᠰᠡᠨ ᠶᠦ᠍ᠮ 
ᠬᠠᠢᠷᠠᠲᠠᠢ ᠪᠤᠭᠤᠷᠤᠯ ᠡᠵᠢ ᠶ᠋ᠢᠨ ᠢ᠋ᠶ᠋ᠡᠨ 
ᠡᠪᠦᠷ ᠳᠡᠭᠡᠷ᠎ᠡ ᠨᠢ ᠥᠰᠦᠭᠰᠡᠨ ᠶᠦ᠍ᠮ 

ᠡᠵᠢ ᠡᠴᠡ ᠪᠡᠨ ᠲᠥᠷᠥᠬᠦ ᠳ᠋ᠦ᠍
ᠡᠭᠡᠴᠢ ᠳᠡᠭᠦᠦ ᠠᠷᠪᠢᠨ ᠪᠣᠢ
ᠡᠨᠡ ᠭᠠᠵᠠᠷ ᠢᠷᠡᠬᠦ ᠳ᠋ᠦ᠍
ᠡᠨᠡ ᠪᠡᠶ᠎ᠡ ᠮᠢᠨᠢ ᠭᠠᠭᠴᠠᠭᠠᠷ