ᠪᠥᠭᠡᠷᠦᠯᠡᠢ ᠥᠬᠢᠨБөөрөлий охин
ᠪᠥᠭᠡᠷᠦᠯᠡᠢ ᠥᠬᠢᠨ
ᠠᠷᠠᠳ ᠤ᠋ᠨ ᠳᠠᠭᠤᠤ
《 ᠪᠥᠭᠡᠷᠦᠯᠡᠢ ᠶ᠋ᠢᠨ ᠦᠯᠢᠭᠡᠷ》
ᠪᠥᠭᠡᠷᠦᠯᠡᠢ ᠥᠬᠢᠨ ᠪᠣᠯ ᠬᠣᠷᠢᠳᠤᠭᠠᠷ ᠵᠠᠭᠤᠨ ᠤ᠋ ᠡᠬᠢ ᠪᠡᠷ ᠪᠠᠳᠠᠷᠠᠭᠤᠯᠲᠤ ᠲᠥᠷᠥ ᠶ᠋ᠢᠨ ᠦᠶ᠎ᠡ ᠳ᠋ᠦ᠍ ᠲᠦᠰᠢᠶᠡᠲᠦ ᠬᠤᠰᠢᠭᠤᠨ ᠤ᠋ ᠬᠠᠷ᠎ᠠ ᠮᠣᠳᠣᠨ ᠠᠢᠯ ᠳ᠋ᠤ᠌ ᠲᠥᠷᠥᠵᠦ ᠨᠢᠭᠡ ᠨᠠᠰᠤ ᠲᠠᠢ ᠪᠠᠢᠬᠤ ᠳ᠋ᠤ᠌ ᠪᠠᠨ ᠡᠵᠢ ᠪᠡᠨ ᠠᠯᠳᠠᠵᠤ ᠬᠣᠶᠠᠷ ᠨᠠᠰᠤ ᠲᠠᠢ ᠪᠠᠢᠬᠤ ᠳ᠋ᠤ᠌ ᠪᠠᠨ ᠠᠪᠤ ᠪᠠᠨ ᠠᠯᠳᠠᠵᠠᠢ᠃ ᠲᠡᠭᠡᠭᠡᠳ ᠡᠭᠡᠴᠢ ᠯᠢᠩ ᠵᠢᠢ ᠶ᠋ᠢᠨ ᠢᠶᠠᠨ ᠠᠰᠠᠷᠠᠯᠭᠠ ᠪᠠᠷ ᠥᠰᠦᠭᠰᠡᠨ ᠶᠦᠮ ᠭᠡᠨ᠎ᠡ ᠃ ᠯᠢᠩ ᠵᠢᠢ ᠰᠡᠴᠡᠨ ᠰᠡᠷᠭᠦᠯᠡᠩ ᠪᠥᠭᠡᠳ ᠥᠬᠢᠨ ᠳᠡᠭᠦᠦ ᠪᠥᠭᠡᠷᠦᠯᠡᠢ ᠪᠡᠨ ᠠᠰᠠᠷᠠᠨ ᠰᠠᠭᠠᠲᠠᠭᠤᠯᠵᠤ ᠠᠪᠤ ᠡᠵᠢ ᠪᠡᠨ ᠰᠠᠨᠠᠨ ᠮᠥᠷᠥᠭᠡᠳᠬᠦ ᠶ᠋ᠢᠨ ᠬᠠᠮᠲᠤ ᠪᠥᠭᠡᠷᠦᠯᠡᠢ ᠶ᠋ᠢᠨ ᠭᠤᠨᠢᠭᠲᠤ ᠬᠤᠪᠢ ᠵᠠᠶᠠᠭ᠎ᠠ ᠶ᠋ᠢ ᠪᠣᠳᠣᠭᠠᠳ ᠡᠳᠦᠷ ᠪᠦᠷᠢ ᠭᠢᠩᠰᠢᠭᠰᠡᠭᠡᠷ ᠪᠠᠢᠭᠠᠳ ᠡᠳᠦᠷ ᠤᠳᠠᠭᠠᠳ ᠢᠷᠡᠬᠦ ᠳ᠋ᠦ᠍ ᠪᠦᠷᠢᠨ ᠪᠦᠲᠦᠨ ᠪᠦᠪᠡᠢ ᠶ᠋ᠢᠨ ᠳᠠᠭᠤᠤ ᠪᠥᠭᠡᠷᠦᠯᠡᠢ ᠪᠣᠢ ᠪᠣᠯᠤᠭᠰᠠᠨ ᠭᠡᠨ᠎ᠡ᠃
1᠂
ᠦᠷᠢᠯ ᠦ᠋ᠨ ᠰᠠᠢᠬᠠᠨ ᠮᠣᠳᠣ ᠪᠠᠷ ᠢ᠋ᠶ᠋ᠠᠨ
ᠥᠯᠥᠭᠡᠢ ᠰᠢᠭᠠᠵᠤ ᠥᠭᠭᠦᠭᠰᠡᠨ ᠠᠪᠤ ᠮᠢᠨᠢ
ᠥᠷᠯᠥᠭᠡ ᠦᠳᠡᠰᠢ ᠶ᠋ᠢᠨ ᠬᠦᠢᠲᠡᠨ ᠳ᠋ᠦ᠍
ᠮᠥᠮᠥᠭᠦᠯᠦᠭᠡᠳ ᠠᠪᠤᠭᠰᠠᠨ ᠮᠥᠮᠥ ᠮᠢᠨᠢ
ᠠᠪᠤ ᠳ᠋ᠤ᠌ ᠪᠠᠨ ᠮᠥᠮᠥ ᠳ᠋ᠦ᠍ ᠪᠡᠨ
ᠪᠥᠭᠡᠷᠦᠯᠡᠢ ᠪᠤᠤ ᠤᠬᠢᠯᠠ
ᠮᠥᠮᠥ ᠴᠢᠨᠢ ᠪᠠᠢᠨ᠎ᠠ ᠤᠤ ᠳᠠ ᠬᠥ᠋
2᠂
ᠬᠠᠢᠯᠠᠰᠤᠨ ᠰᠠᠢᠬᠠᠨ ᠮᠣᠳᠣ ᠪᠠᠷ ᠢ᠋ᠶ᠋ᠠᠨ
ᠬᠠᠷᠠᠭ᠎ᠠ ᠶ᠋ᠢ ᠨᠢ ᠰᠢᠭᠠᠵᠤ ᠥᠭᠭᠦᠭᠰᠡᠨ ᠠᠪᠤ ᠮᠢᠨᠢ
ᠬᠠᠷᠠᠩᠭᠤᠢ ᠰᠥᠨᠢ ᠶ᠋ᠢᠨ ᠵᠡᠭᠦᠳᠦᠨ ᠳ᠋ᠦ᠍
ᠮᠥᠮᠥᠭᠦᠯᠦᠭᠡᠳ ᠠᠪᠤᠭᠰᠠᠨ ᠮᠥᠮᠥ ᠮᠢᠨᠢ
ᠠᠪᠤ ᠳ᠋ᠤ᠌ ᠪᠠᠨ ᠡᠵᠢ ᠳ᠋ᠦ᠍ ᠪᠡᠨ
ᠪᠥᠭᠡᠷᠦᠯᠡᠢ ᠪᠤᠤ ᠤᠬᠢᠯᠠ
ᠮᠥᠮᠥ ᠴᠢᠨᠢ ᠪᠠᠢᠨ᠎ᠠ ᠤᠤ ᠳᠠ ᠬᠥ᠋?
3.
ᠰᠢᠷ᠎ᠠ ᠬᠠᠯᠵᠠᠨ ᠲᠠᠤᠯᠠᠢ ᠴᠢᠨᠢ
ᠰᠢᠷᠠᠯᠵᠢᠨ ᠠ᠋ᠴᠠ ᠪᠠᠨ ᠰᠠᠯᠪᠠᠯ ᠥᠨᠥᠴᠢᠷᠡᠨ᠎ᠡ ᠰᠢᠦ
ᠰᠠᠢᠬᠠᠨ ᠲᠥᠷᠥᠭᠰᠡᠨ ᠪᠥᠭᠡᠷᠦᠯᠡᠢ ᠠᠩᠭ᠎ᠠ ᠴᠢᠨᠢ
ᠮᠥᠮᠥ ᠡᠴᠡ ᠪᠡᠨ ᠰᠠᠯᠪᠠᠯ ᠥᠨᠥᠴᠢᠷᠡᠨ᠎ᠡ ᠰᠢᠦ
ᠠᠪᠤ ᠳ᠋ᠤ᠌ ᠪᠠᠨ ᠡᠵᠢ ᠳ᠋ᠦ᠍ ᠪᠡᠨ
ᠪᠥᠭᠡᠷᠦᠯᠡᠢ ᠪᠤᠤ ᠤᠬᠢᠯᠠ
ᠠᠪᠤ ᠴᠢᠨᠢ ᠪᠠᠢᠨ᠎ᠠ ᠤᠤ ᠳᠠ ᠬᠥ᠋
ᠠᠪᠤ ᠳ᠋ᠤ᠌ ᠪᠠᠨ ᠮᠥᠮᠥ ᠳ᠋ᠦ᠍ ᠪᠡᠨ
ᠪᠥᠭᠡᠷᠦᠯᠡᠢ ᠪᠤᠤ ᠤᠬᠢᠯᠠ
ᠮᠥᠮᠥ ᠴᠢᠨᠢ ᠪᠠᠢᠨ᠎ᠠ ᠤᠤ ᠳᠠ ᠬᠥ᠋
ᠮᠥᠮᠥ ᠴᠢᠨᠢ ᠪᠠᠢᠨ᠎ᠠ ᠤᠤ ᠳᠠ ᠬᠥ᠋
ᠦᠰᠦᠭ ᠠᠮᠢᠯᠠᠭᠤᠯᠤᠭᠴᠢ᠄ ᠬᠡᠷᠡᠢᠳ ᠨᠠᠷᠠᠰᠤ
ᠦᠰᠦᠭ ᠬᠠᠲᠠᠭᠴᠢ᠄ ᠲᠥᠮᠡᠨᠴᠡᠴᠡᠭ
ᠬᠢᠨᠠᠭᠴᠢ᠄ ᠣᠤᠠᠬᠠᠨᠰᠣ᠎ᠡ᠂ ᠴᠢᠯᠢᠨ᠂ ᠲᠣᠲᠣᠭᠡᠷᠡᠯ
